ᠲᠠᠨᠳᠠ ᠴᠢᠩᠰᠡᠩ ᠬᠡᠮᠡᠨ ᠠᠯᠳᠠᠷᠰᠢᠬᠰᠠᠨ ᠶᠡᠭᠡ ᠡᠷᠳᠠᠮᠳᠠᠨ ᠴ᠊ · ᠲᠠᠮᠴᠤᠭᠳᠤᠷᠵᠢ ︵ᠲᠤᠪᠴᠢᠯᠠᠯ︶
ᠨᠡᠶᠢᠲᠡᠯᠡᠭᠰᠡᠨ ᠴᠠᠭ᠄
2015/6/10
    ᠲᠠᠨᠳᠠ ᠴᠢᠩᠰᠡᠩ ᠬᠡᠮᠡᠨ ᠮᠤᠩᠭᠤᠯ ᠲᠠᠶᠠᠭᠠᠷ ᠲᠤ ᠠᠯᠳᠠᠷᠰᠢᠭᠰᠠᠨ ᠶᠡᠭᠡ ᠡᠷᠳᠠᠮᠳᠠᠨ ᠴ᠊  ·  ᠲᠠᠮᠴᠤᠭᠳᠤᠷᠵᠢ  1864  ᠤᠨ ᠳᠤ ᠦᠪᠤᠷ ᠮᠤᠩᠭᠤᠯ ᠤᠨ ᠵᠤᠰᠤᠳᠤ ᠶᠢᠨ ᠴᠢᠭᠤᠯᠭᠠᠨ ᠤ ᠬᠠᠷᠠᠴᠢᠨ ᠲᠤᠮᠳᠠᠳᠤ ᠬᠤᠰᠢᠭᠤᠨ ᠳᠤ  ᠮᠠᠨᠳᠤᠯᠠᠵᠡᠢ᠃ ᠲᠠᠷᠠ ᠪᠠᠷ 1904—1912 ᠤᠨ ᠤ ᠬᠤᠭᠤᠷᠤᠨᠳᠤ ᠲᠢᠶᠠᠨᠵᠢᠨ᠂ ᠪᠡᠭᠡᠵᠢᠩ ᠬᠤᠳᠠᠨ᠎ᠠ  ︽ ᠳ᠋ᠠ  ᠬᠦᠡᠭ ᠪᠤᠤ︾ ᠰᠤᠨᠢᠨ ᠤ ᠨᠠᠶᠢᠷᠠᠭᠤᠯᠤᠭᠴᠢ᠂ ᠲᠤᠰ ᠰᠤᠨᠢᠨ  ᠤ ᠴᠢᠭᠤᠯᠤᠯᠳᠤ ᠬᠠᠭᠠᠯᠭ᠎ᠠ ᠬᠤᠳᠠᠨ ᠳᠠᠬᠢ  ᠰᠤᠷᠪᠤᠯᠵᠢᠯᠠᠭᠴᠢ᠂ 1912 ᠤᠨ ᠠᠴᠠ ᠰᠦᠨᠢᠳ ᠵᠠᠮ ᠤᠨ ᠮᠠᠨᠵᠤ ᠮᠤᠩᠭᠤᠯ ᠨᠤᠭᠤᠭᠠᠨ ᠲᠤᠭ ᠤᠨ ᠴᠡᠷᠢᠭ ᠤᠨ  ᠲᠦᠰᠢᠮᠠᠯ᠂ ᠴᠡᠷᠢᠭ ᠤᠨ ᠪᠦᠬᠦᠳᠠ ᠵᠠᠬᠢᠷᠤᠨ ᠰᠢᠳᠭᠡᠬᠦ ᠶᠠᠮᠤᠨ ᠤ ᠵᠦᠪᠯᠡᠭᠴᠢ᠂ 1914 ᠤᠨ ᠳᠤ ᠮᠤᠩᠭᠤᠯ ᠤᠯᠤᠰ   ᠤᠨ ᠲᠦᠯᠤᠭᠡᠨ᠎ᠠ ᠨᠢᠭᠡᠨ ᠮᠦᠷᠤ ᠶᠢᠨ ᠬᠦᠴᠤᠨ ᠵᠢᠳᠬᠦᠬᠦ  ᠪᠠᠷ ᠦᠪᠤᠷᠯᠡᠭᠴᠢ ᠨᠤᠳᠤᠭ ᠠᠴᠠ ᠨᠠᠶᠢᠰᠯᠠᠯ ᠬᠦᠷᠢᠶ᠎ᠠ ︵ ᠤᠯᠠᠭᠠᠨᠪᠠᠭᠠᠳᠤᠷ︶ ᠳᠤ ᠬᠦᠷᠴᠤ ᠪᠤᠭᠳᠠ ᠬᠠᠭᠠᠨ ᠤ ᠵᠠᠰᠠᠭ ᠤᠨ ᠭᠠᠵᠡᠷ ᠵᠦᠪᠯᠠᠨ ᠬᠡᠯᠡᠯᠴᠠᠬᠦ ᠲᠦᠰᠢᠮᠠᠯ ᠤᠨ ᠠᠯᠪᠠ  ᠬᠠᠭᠠᠵᠤ ᠪᠠᠶᠢᠵᠡᠢ᠃  1923 ᠤᠨ ᠠᠴᠠ ᠮᠤᠩᠭᠤᠯ ᠤᠯᠤᠰ ᠤᠨ ᠰᠢᠨᠵᠢᠯᠠᠬᠦ ᠤᠬᠠᠭᠠᠨ ᠤ ᠬᠦᠷᠢᠶᠠᠯᠠᠩ ᠤᠨ ᠵᠢᠩᠬᠢᠨᠢ  ᠭᠡᠰᠢᠬᠦᠨ ᠢᠶᠠᠷ ᠠᠵᠢᠯᠯᠠᠵᠤ ᠤᠯᠠᠨ ᠱᠠᠪᠢ ᠨᠠᠷ ᠬᠦᠮᠤᠵᠢᠬᠦᠯᠤᠨ ᠬᠢᠳᠠᠳ᠂  ᠶᠠᠫᠤᠨ᠂ ᠲᠦᠪᠠᠳ ᠬᠡᠯᠡᠨ ᠠᠴᠠ ᠮᠤᠩᠭᠤᠯ   ᠤᠨ ᠰᠤᠶᠤᠯ ᠲᠠᠤᠭᠡ᠂  ᠤᠷᠠᠨ ᠵᠤᠬᠢᠶᠠᠯ ᠳᠤ ᠬᠤᠯᠪᠤᠭᠳᠠᠭᠰᠠᠨ ᠮᠠᠰᠢ ᠴᠢᠬᠤᠯᠠ ᠲᠤᠯᠭᠤᠷ ᠪᠢᠴᠢᠭ ᠤᠳ ᠢ ᠮᠤᠩᠭᠤᠯ  ᠬᠡᠯᠡᠨ ᠳᠤ ᠤᠷᠴᠢᠭᠤᠯᠤᠨ ᠭᠠᠷᠭᠠᠭᠰᠠᠨ   ᠪᠦᠭᠡᠳ ᠲᠤᠬᠠᠢ ᠶᠢᠨ ᠦᠶ᠎ᠠ ᠶᠢᠨ ᠲᠠᠪᠰᠢᠯᠳᠠᠳᠤ ᠰᠤᠨᠢᠨ ᠰᠠᠳᠬᠦᠯ ᠤᠳ  ᠲᠡᠭᠡᠷ᠎ᠠ ᠨᠠᠶᠢᠭᠡᠮ ᠢ ᠦᠭᠡᠷᠡᠴᠢᠯᠠᠬᠦ ᠰᠢᠨᠠᠴᠢᠯᠠᠯ ᠤᠨ ᠦᠵᠡᠯ ᠰᠠᠨᠠᠭ᠎ᠠ ᠪᠦᠬᠦᠢ ᠦᠬᠦᠯᠠᠯ ᠵᠤᠬᠢᠶᠠᠯ ᠢᠶᠠᠨ ᠨᠠᠶᠢᠳᠠᠯᠠᠨ  ᠮᠤᠩᠭᠤᠯ ᠤᠨ ᠨᠠᠶᠢᠭᠡᠮ ᠤᠨ ᠬᠦᠭᠵᠢᠯ ᠳᠤ ᠴᠢᠬᠤᠯᠠ ᠭᠠᠪᠢᠶ᠎ᠠ ᠵᠢᠳᠬᠦᠯ ᠦᠵᠡᠬᠦᠯᠦᠭᠰᠡᠨ ᠪᠠᠶᠢᠨ᠎ᠠ᠃ ᠦᠪᠤᠷᠯᠡᠭᠴᠢ  ᠨᠤᠳᠤᠭ ᠤᠨ ᠬᠦᠮᠤᠰ ᠲᠠᠨᠳᠠ ᠪᠤᠯ ︽ᠬᠦᠮᠤᠨ ᠤ ᠲᠤᠳᠤᠷᠠᠬᠢ‌ᠵᠢᠬᠦᠷᠳᠡᠢ ᠬᠦᠮᠤᠨ᠂ ᠬᠦᠯᠦᠭ ᠤᠨ ᠲᠤᠳᠤᠷᠠᠬᠢ  ᠲᠠᠯᠠᠪᠴᠢᠳᠡᠢ ᠮᠤᠷᠢ︾ ᠬᠡᠮᠡᠳᠡᠭ ᠪᠠᠶᠢᠭᠰᠠᠨ ᠪᠦᠭᠡᠳ ︽ᠲᠠᠨᠳᠠ ᠭᠡᠭᠴᠢ ᠲᠡᠭᠷᠢ ᠶᠢᠨ ᠤᠳᠬ᠎ᠠ ᠳᠤ ᠨᠠᠪᠳᠠᠷᠭᠡᠢ  ᠪᠤᠯᠤᠭᠰᠠᠨ ᠮᠠᠨ ᠤ ᠦᠶ᠎ᠠ ᠶᠢᠨ   ᠰᠢᠯᠢᠳᠡᠭ ᠡᠷᠳᠠᠮᠳᠠᠨ ᠤ ᠨᠢᠭᠡ ᠪᠦᠭᠡᠳ ᠤᠳᠤ ᠭᠠᠳᠠᠭᠠᠳᠤ ᠮᠤᠩᠭᠤᠯ ᠳᠤ  ᠶᠠᠪᠤᠴᠢᠬᠠᠭᠰᠠᠨ ᠢ ᠦᠵᠡᠪᠡᠯ᠂ ᠯᠠᠪ ᠠᠷᠤ ᠭᠠᠵᠡᠷ ᠮᠤᠩᠭᠤᠯ ᠤᠨ ᠬᠠᠭᠠᠨ ᠲᠦᠷᠤ ᠳᠤ ᠮᠠᠨᠳᠤᠬᠤ ᠤᠯᠠᠷᠢᠯ     ᠢᠷᠠᠵᠡᠢ︾ ᠭᠡᠵᠤ ᠬᠡᠯᠡᠯᠴᠡᠳᠡᠭ ᠪᠠᠶᠢᠭᠰᠠᠨ ᠠᠵᠢ᠃ ᠲᠠᠷᠠ ᠪᠠᠷ 1932  ᠤᠨ ᠳᠤ 69 ᠨᠠᠰᠤᠳᠡᠢ ᠲᠠᠭᠠᠯᠠᠯ ᠲᠠᠬᠦᠰᠴᠡᠢ᠃          ᠲᠠᠨᠳᠠ 1910 — 1913 ᠤᠨ ᠤ ᠬᠤᠭᠤᠷᠤᠨᠳᠤ ︽ᠪᠤᠷᠬᠠᠨ ᠤ ᠶᠡᠭᠡ ᠬᠦᠯᠭᠡᠨ ᠨᠤᠮ ᠤᠨ ᠵᠢᠷᠤᠮ  ᠢ  ᠪᠠᠳᠠᠷᠠᠭᠤᠯᠤᠭᠰᠠᠨ ᠶᠢᠷᠳᠢᠨᠴᠤ ᠳ᠋ᠡᠬᠢᠨ ᠢ ᠰᠤᠷᠭᠠᠬᠤ ᠡᠷᠳᠡᠨᠢᠳᠤ    ᠲᠤᠯᠢ ᠬᠡᠮᠡᠬᠦ ᠱᠠᠰᠳᠢᠷ ᠤᠷᠤᠰᠢᠪᠠᠢ︾  ᠶᠢ  ᠲᠤᠭᠤᠷᠪᠢᠨ ᠪᠢᠴᠢᠵᠤ᠂ 1917 ᠤᠨ ᠳᠤ  ︽ᠰᠢᠨ᠎ᠠ ᠵᠠᠰᠠᠭ ᠤᠨ ᠡᠷᠬᠢᠯᠡᠬᠦᠢ ᠵᠦᠢᠯ︾᠂  1923  ᠤᠨ ᠳᠤ  ︽ ᠰᠢᠨ᠎ᠠ ᠵᠠᠰᠠᠭ ᠤᠨ ᠭᠤᠤᠯ ᠶᠤᠰᠤᠨ︾ ᠵᠤᠬᠢᠶᠠᠯ ᠢ ᠲᠤᠰ ᠲᠤᠰ ᠵᠤᠬᠢᠶᠠᠪᠠ᠃ ᠬᠤᠷᠢᠭᠠᠳ ᠤᠨ ᠤ ᠦᠶ᠎ᠠ ᠪᠠᠷ ︽ ᠶᠤᠸᠠᠨ ᠤᠯᠤᠰ ᠤᠨ ᠰᠤᠳᠤᠷ︾᠂  ︽ᠪᠤᠭᠳᠠ ᠪᠠᠭᠠᠳᠤᠷ ᠪᠠᠶ᠎ᠠ ᠪᠠᠷ ᠲᠠᠶᠢᠯᠠᠭᠰᠠᠨ ᠲᠠᠮᠳᠡᠭᠯᠡᠯ︾ ᠵᠡᠷᠭᠡ ᠴᠢᠬᠤᠯᠠ  ᠲᠤᠯᠭᠤᠷ ᠪᠢᠴᠢᠭ ᠤᠳ ᠢ ᠬᠢᠳᠠᠳ ᠬᠡᠯᠡᠨ ᠠᠴᠠ ᠮᠤᠩᠭᠤᠯ ᠬᠡᠯᠡᠨ ᠳᠤ ᠤᠷᠴᠢᠭᠤᠯᠤᠨ ᠭᠠᠷᠭᠠᠵᠤ  ︽ᠸᠧᠢ ᠤᠯᠤᠰ ᠤᠨ  ᠪᠢᠴᠢᠭ︾ ᠢᠶᠠᠨ ᠬᠠᠷᠠᠬᠠᠨ ᠤᠷᠴᠢᠭᠤᠯᠵᠤ ᠪᠠᠷᠠᠭᠠᠳᠤᠢ ᠪᠠᠷ ᠲᠠᠭᠠᠯᠠᠯ ᠲᠠᠬᠦᠰᠴᠡᠢ᠃          ᠲᠠᠭᠡᠷ᠎ᠠ ᠵᠠᠭᠤᠨ ᠤ ᠶᠠᠷᠠᠭᠡᠳ ᠤᠨ ᠢᠶᠠᠷ ᠮᠤᠩᠭᠤᠯ ᠤᠯᠤᠰ ᠲᠤ ᠲᠠᠨᠳᠠ ᠶᠢᠨ ᠵᠤᠬᠢᠶᠠᠯ ᠪᠦᠳᠤᠭᠡᠯ ᠢ ᠬᠡᠪᠯᠡᠨ  ᠨᠠᠶᠢᠳᠠᠯᠠᠵᠤ᠂ ᠲᠠᠨᠳᠠ ᠶᠢᠨ ᠲᠤᠬᠠᠢ ᠰᠤᠳᠤᠯᠭᠠᠨ ᠰᠢᠨ᠎ᠠ ᠦᠷᠨᠢᠯᠳᠠ ᠲᠠᠢ ᠪᠤᠯᠵᠡᠢ᠃ ᠡᠷᠳᠠᠮᠳᠠᠳ ︽ᠲᠠᠨᠳᠠ  ᠪᠤᠯ ᠪᠤᠳ᠋ᠳ᠋ᠾᠠ ᠶᠢᠨ ᠬᠦᠨ ᠤᠬᠠᠭᠠᠨ ᠳᠤ ᠶᠡᠭᠡᠳᠠ ᠪᠤᠯᠪᠠᠰᠤᠷᠠᠭᠰᠠᠨ᠂ ᠬᠤᠶᠡᠷ ᠶᠤᠰᠤᠨ ᠤ ᠰᠤᠷᠭᠠᠯ ᠢ ᠬᠦᠨᠳᠤᠳᠭᠡᠨ  ᠪᠢᠰᠢᠷᠡᠭᠴᠢ᠂ ᠠᠷᠢᠭᠤᠨ ᠰᠠᠨᠸᠠᠷᠳᠠᠨ᠂ ᠵᠤᠨ ᠤᠯᠠᠨ ᠢᠶᠠᠨ ᠰᠤᠷᠭᠠᠨ ᠪᠤᠯᠪᠠᠰᠤᠷᠠᠭᠤᠯᠬᠤ ᠶᠢ ᠡᠷᠬᠢᠮᠯᠠᠨ ᠵᠢᠳᠬᠦᠭᠴᠢ  ᠠᠷᠠᠳᠴᠢ ᠦᠵᠡᠯᠳᠠᠨ᠂ ᠰᠤᠶᠤᠨ ᠭᠡᠭᠡᠷᠡᠬᠦᠯᠦᠭᠴᠢ᠂ ᠤᠷᠴᠢᠭᠤᠯᠤᠭᠴᠢ᠂ ᠪᠦᠬᠦᠳᠠ  ᠨᠠᠶᠢᠷᠠᠮᠳᠠᠬᠤ ᠲᠦᠷᠤ  ᠵᠠᠰᠠᠭᠯᠠᠯ ᠤᠨ ᠬᠡᠯᠪᠠᠷᠢ ᠶᠢᠨ ᠲᠦᠯᠤᠭᠡ ᠨᠦᠢᠷ ᠵᠡᠬᠦᠳᠤᠨ ᠳᠡᠭᠡᠨ ᠵᠠᠯᠪᠠᠷᠢᠵᠤ ᠶᠠᠪᠤᠭᠰᠠᠨ ᠮᠠᠨ ᠤ ᠤᠯᠤᠰ ᠤᠨ  ᠰᠢᠨᠵᠢᠯᠠᠬᠦᠢ ᠤᠬᠠᠭᠠᠨ ᠤ ᠪᠠᠶᠢᠭᠤᠯᠭ᠎ᠠ ᠶᠢᠨ ᠤᠤᠭᠠᠨ   ᠠᠵᠢᠯᠳᠠᠨ ᠪᠦᠭᠡᠳ ᠬᠤᠶᠢᠴᠢ ᠦᠶ᠎ᠠ ᠳᠡᠭᠡᠨ ᠦᠯᠢᠭᠡᠷ  ᠲᠠᠭᠤᠷᠢᠶᠠᠯ ᠪᠤᠯᠤᠨ ᠬᠦᠨᠳᠤᠳᠭᠡᠭᠳᠡᠪᠡᠯ ᠵᠤᠬᠢᠬᠤ ᠨᠤᠮᠳᠠᠨ᠂ ᠮᠤᠩᠭᠤᠯ ᠢᠶᠠᠨ ᠭᠡᠰᠡᠨ ᠡᠭᠡ ᠤᠷᠤᠨᠴᠢ ᠨᠢᠭᠡᠨ ᠪᠠᠶᠢᠭᠰᠠᠨ ᠢ  ᠮᠠᠳᠠᠷᠠᠵᠤ ᠬᠦᠨᠳᠤᠳᠭᠡᠬᠦ ᠪᠤᠯᠤᠨ᠎ᠠ︾ ᠭᠡᠵᠤ ᠦᠨᠳᠤᠷ ᠦᠨᠠᠯᠡᠭᠡ ᠦᠭᠬᠦᠭᠰᠡᠭᠡᠷ ᠢᠷᠡᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号