ᠰᠡᠴᠡᠩᠭᠤᠸ᠎ᠠ
ᠨᠡᠶᠢᠲᠡᠯᠡᠭᠰᠡᠨ ᠴᠠᠭ᠄
2015/6/10
         ᠰᠡᠴᠡᠩᠭᠤᠸ᠎ᠠ᠂ ᠲᠣᠮᠳᠠᠳᠣ ᠣᠯᠣᠰ ᠤᠨ ᠺᠢᠨᠣ᠋ ᠵᠦᠴᠦᠭᠡ ᠦᠨᠡᠯᠡᠨ ᠰᠢᠭᠦᠮᠵᠢᠯᠡᠭᠦ ᠨᠡᠶᠢᠭᠡᠮᠯᠢᠭ ᠤᠨ ᠲᠧᠯᠸᠢᠰ   ᠤᠨ  ᠭᠡᠯᠳᠡᠰ ᠤᠨ ᠣᠷᠠᠯᠢᠭ ᠤᠨ ᠵᠢᠯᠣᠭᠤᠳᠣᠭᠴᠢ᠂ ︽ᠲᠣᠮᠳᠠᠳᠣ ᠣᠯᠣᠰ ᠤᠨ ᠺᠢᠨᠣ᠋ ᠲᠧᠯᠸᠢᠰ ᠤᠨ ᠣᠷᠠᠯᠢᠭᠴᠢᠳ ᠤᠨ  ᠲᠣᠯᠢ  ︾ ᠶᠢᠨ ᠨᠡᠷ᠎ᠡ ᠭᠦᠨᠳᠦᠳᠦ ᠨᠠᠶᠢᠷᠠᠭᠤᠯᠣᠭᠴᠢ᠃ ᠮᠣᠩᠭᠤᠯ ᠦᠨᠳᠦᠰᠦᠳᠡᠨ᠂ 1949 ᠣᠨ ᠤ 1 ᠰᠠᠷ᠎ᠠ ᠶᠢᠨ  20 ᠤ  ᠡᠳᠦᠷ ᠣᠯᠠᠭᠠᠨᠬᠠᠳᠠ ᠬᠤᠳᠠ ᠶᠢᠨ ᠨᠢᠩᠴᠧᠩ ᠰᠢᠶᠠᠨ ᠤ ᠮᠠᠷᠠᠳᠣ ᠪᠠᠯᠭᠠᠰᠣᠨ ᠳᠤ ᠮᠡᠨᠳᠦᠯᠡᠵᠡᠢ᠃ ᠰᠸᠢᠰ ᠤᠨ  ᠬᠠᠷᠢᠶᠠᠳᠦ ᠢᠷᠭᠡᠨ᠃ 1965 ᠣᠨ ᠳᠤ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠠᠭᠤᠣ ᠪᠦᠵᠢᠭ ᠤᠨ   ᠪᠦᠯᠭᠦᠮ ᠳᠤ ᠪᠦᠵᠢᠭᠴᠢᠨ᠂ ᠭᠦᠳᠦᠯᠦᠭᠴᠢ ᠪᠣᠯᠪᠠ᠃ 1949 ᠣᠨ ᠳᠤ ᠦᠯᠢᠭᠡᠷᠳᠦ ᠺᠢᠨᠣ᠋ ︽ᠬᠠᠷᠢᠬᠤ ᠰᠠᠨᠠᠭ᠎ᠠ  ᠬᠠᠷᠪᠣᠭᠰᠠᠨ ᠰᠣᠮᠣ ᠮᠡᠳᠦ︾ ᠳᠤ ᠭᠤᠣᠯ ᠲᠦᠷᠢ ᠶᠢ ᠲᠣᠭᠯᠠᠵᠣ᠂ ᠰᠣᠶᠣᠯ ᠤᠨ ᠶᠠᠮᠣᠨ ᠠᠴᠠ ᠣᠯᠭᠤᠭᠰᠠᠨ ︽79   ᠣᠨ ᠤ ᠰᠢᠯᠢᠳᠡᠭ ᠡᠭᠦᠳᠦᠨ ᠪᠦᠳᠦᠭᠡᠯᠴᠢ ᠵᠠᠯᠠᠭᠤ︾ ᠶᠢᠨ ᠢᠷᠠᠭᠤ ᠠᠯᠳᠠᠷ ᠢ ᠭᠦᠷᠳᠡᠪᠡ᠃ 1980 ᠣᠨ ᠳᠤ ᠴᠡᠷᠢᠭ   ᠲᠤ ᠡᠯᠰᠡᠭᠳᠡᠵᠣ ᠴᠢᠯᠦᠭᠡᠯᠡᠭᠦ ᠴᠡᠷᠢᠭ ᠤᠨ ᠺᠢᠨᠣ᠋ ᠦᠢᠯᠡᠳᠪᠦᠷᠢ ᠶᠢᠨ ᠲᠣᠭᠯᠠᠭᠴᠢ ᠪᠣᠯᠵᠠᠢ᠃ 1982 ᠣᠨ ᠳᠤ ︽  ᠲᠡᠮᠡᠭᠡ ᠰᠢᠶᠠᠩᠽᠢ︾ ᠺᠢᠨᠣ᠋ ᠳᠤ ᠬᠣ᠋ ᠨᠢᠦ ᠶᠢᠨ ᠲᠦᠷᠢ ᠶᠢ ᠭᠦᠰᠢᠭᠡᠨ᠎ᠡ ᠠᠮᠢᠯᠠᠭᠤᠯᠵᠣ᠂ 1983 ᠣᠨ ᠳᠤ ︽ ᠲᠣᠮᠳᠠᠳᠣ ᠣᠯᠣᠰ ᠤᠨ ᠭᠤᠷᠪᠠᠳᠣᠭᠠᠷ ᠣᠳᠠᠭᠠᠨ ᠤ ᠺᠢᠨᠣ᠋ ᠶᠢᠨ ᠠᠯᠳᠠᠨ ᠲᠠᠭᠢᠶ᠎ᠠ ᠱᠠᠩᠨᠠᠯ︾ ᠤᠨ ᠬᠠᠮᠤᠭ ᠰᠢᠯᠢᠳᠡᠭ  ᠡᠮᠡᠭᠲᠡᠢ ᠲᠣᠭᠯᠠᠭᠴᠢ  ᠶᠢᠨ ᠱᠠᠩᠨᠠᠯ ᠪᠠ ︽ᠲᠣᠮᠳᠠᠳᠣ ᠣᠯᠣᠰ ᠤᠨ ᠺᠢᠨᠣ᠋ ᠶᠢᠨ ᠵᠢᠷᠭᠤᠳᠣᠭᠠᠷ ᠣᠳᠠᠭᠠᠨ ᠤ ᠦᠨᠢᠷ ᠴᠡᠴᠡᠭ  ᠱᠠᠩᠨᠠᠯ︾  ᠤᠨ ᠬᠠᠮᠤᠭ ᠰᠢᠯᠢᠳᠡᠭ ᠡᠮᠡᠭᠲᠡᠢ ᠲᠣᠭᠯᠠᠭᠴᠢ ᠶᠢᠨ ᠱᠠᠩᠨᠠᠯ ᠲᠣᠰᠴᠡᠢ᠃ ᠺᠢᠨᠣ᠋ ︽ᠣᠷᠣᠰᠬᠤ ᠣᠰᠣ ᠮᠡᠳᠦ  ᠣᠨ ᠵᠢᠯ︾ ᠳᠤ ᠭᠤᠣᠯ ᠲᠣᠭᠯᠠᠭᠴᠢ ᠪᠣᠯᠵᠣ᠂ 1985 ᠣᠨ ᠳᠤ ︽ᠰᠢᠶᠠᠩᠭᠠᠩ ᠤᠨ ᠺᠢᠨᠣ᠋ ᠶᠢᠨ ᠲᠦᠷᠪᠡᠳᠦᠭᠡᠷ   ᠣᠳᠠᠭᠠᠨ ᠤ ᠠᠯᠳᠠᠨ ᠭᠦᠷᠦᠭ ᠱᠠᠩᠨᠠᠯ︾ ᠤᠨ ᠬᠠᠮᠤᠭ ᠰᠢᠯᠢᠳᠡᠭ ᠡᠮᠡᠭᠲᠡᠢ ᠲᠣᠭᠯᠠᠭᠴᠢ ᠶᠢᠨ ᠱᠠᠩᠨᠠᠯ ᠢ ᠭᠠᠷᠳᠠᠪᠠ᠃   ᠲᠡᠷᠨ ᠲᠣᠮᠳᠠᠳᠣ ᠣᠯᠣᠰ ᠤᠨ ᠺᠢᠨᠣᠴᠢᠳ ᠤᠨ ᠨᠡᠶᠢᠭᠡᠮᠯᠢᠭ ᠤᠨ ᠠᠩᠬᠠᠳᠠᠭᠴᠢ ᠭᠡᠷᠡᠭ ᠡᠷᠭᠢᠯᠡᠭᠴᠢ᠃ 1986 ᠣᠨ ᠳᠤ   ᠰᠸᠢᠰ ᠲᠤ ᠨᠣᠳᠣᠭᠰᠢᠪᠠ᠃ ᠲᠡᠷᠨ ᠣᠳᠣᠬᠠᠨ᠎ᠠ ᠲᠣᠮᠳᠠᠳᠣ ᠣᠯᠣᠰ ᠤᠨ ᠺᠢᠨᠣ᠋ ᠵᠦᠴᠦᠭᠡ ᠶᠢᠨ ᠦᠢᠯᠡᠰ ᠲᠤ  ᠵᠢᠳᠭᠦᠭᠰᠡᠭᠡᠷ ᠪᠠᠶᠢᠨ᠎ᠠ᠃            
 
ᠢᠷᠡᠯᠲᠡ᠄ ᠢᠷᠡᠯᠲᠡ᠄ www.qinggis.net
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号