| 1887 ᠤᠨ ᠳᠤ ᠬᠠᠭᠤᠴᠢᠨ ᠤᠯᠠᠷᠢᠯ ᠤᠨ 12 ᠰᠠᠷ᠎ᠠ ᠶᠢᠨ 7 ᠤ ᠡᠳᠦᠷ ᠤᠣᠯ | ᠤᠨ ᠦᠪᠦᠷ ᠮᠤᠩᠭᠤᠯ ᠤᠨ ᠵᠣᠰᠣᠳᠣ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ᠤ ᠸᠠᠩ ᠤᠨ | ᠤᠷᠳᠤᠨ ᠤ ᠮᠦᠡᠭᠭᠦᠨ ᠠᠶᠢᠯ ᠤᠨ ᠨᠢᠬᠡᠨ ᠶᠠᠳᠠᠭᠤ ᠭᠡᠷ ᠲᠤ ᠲᠦᠷᠦᠵᠡᠢ᠃ ᠲᠡᠮᠭᠡᠳᠦ ᠬᠠᠷᠠᠬᠠᠨ ᠪᠠᠭ᠎ᠠ ᠠᠴᠠ | ᠪᠠᠨ ᠴᠣᠪᠣᠭᠤ ᠰᠡᠷᠬᠦᠯᠡᠩ᠂ ᠠᠪᠬᠠᠯᠵᠢ ᠰᠣᠷᠭᠤᠭ᠂ ᠠᠪᠢᠶᠠᠰ ᠪᠢᠯᠢᠭ ᠤᠯᠠᠨ ᠠᠴᠠ ᠬᠡᠳᠦᠶᠢᠳᠦᠭᠰᠡᠨ ᠪᠠᠶᠢᠵᠦ᠂ | ᠪᠠᠭ᠎ᠠ ᠳᠠᠭᠠᠨ ᠬᠠᠷᠠᠴᠢᠨ ᠸᠠᠩ ᠬᠦᠡᠭᠰᠡᠩᠨᠣᠷᠪᠤ ᠶᠢᠨ ᠡᠷᠬᠢᠯᠡᠭᠰᠡᠨ《 ᠲᠦᠪ ᠢ ᠡᠷᠬᠢᠮᠯᠡᠭᠴᠢ ᠰᠤᠷᠭᠠᠭᠤᠯᠢ | 》 ᠳᠤ ᠰᠣᠷᠣᠯᠴᠠᠵᠣ᠂ 1906 ᠣᠨ ᠳᠤ ᠬᠦᠡᠭᠰᠡᠩᠨᠤᠷᠪᠤ ᠶᠢᠨ ᠲᠤᠮᠢᠯᠠᠯᠳᠠ ᠪᠠᠷ ᠶᠠᠫᠣᠨ ᠳᠤ ᠣᠴᠢᠵᠣ | ᠣᠷᠢᠳ ᠬᠤᠵᠢᠳ ᠵᠧᠨ ᠡᠦ ᠴᠡᠷᠢᠭ ᠤᠨ ᠰᠤᠷᠭᠠᠭᠤᠯᠢ ᠪᠤᠯᠤᠨ ᠡᠮᠨᠡᠯᠬᠡ ᠶᠢᠨ ᠶᠡᠭᠡ ᠰᠤᠷᠭᠠᠭᠤᠯᠢ ᠳᠤ | ᠰᠤᠷᠤᠯᠴᠠᠵᠠᠢ᠃ ᠤᠯᠤᠰ ᠲᠠᠭᠠᠨ ᠪᠣᠴᠠᠵᠤ ᠢᠷᠡᠭᠰᠡᠨ ᠤ ᠲᠠᠷᠠᠭ᠎ᠠ᠂ ᠬᠦᠡᠭᠰᠡᠩᠨᠤᠷᠪᠤ ᠲᠡᠬᠦᠨ ᠢ ᠮᠤᠩᠭᠤᠯ | ᠲᠦᠪᠡᠳ ᠤᠨ ᠵᠤᠷᠭᠠᠨ ᠤ ᠲᠡᠷᠢᠬᠦᠨ ᠵᠡᠷᠭᠡ ᠶᠢᠨ ᠤᠷᠴᠢᠭᠤᠯᠤᠭᠴᠢ ᠲᠦᠰᠢᠮᠠᠯ ᠢᠶᠠᠷ ᠡᠷᠬᠦᠮᠵᠢᠯᠡᠭᠰᠡᠨ ᠪᠦᠬᠡᠳ | ᠮᠤᠩᠭᠤᠯ ᠲᠦᠪᠡᠳ ᠤᠨ ᠰᠤᠷᠭᠠᠭᠤᠯᠢ ᠶᠢᠨ ᠮᠤᠩᠭᠤᠯ ᠬᠡᠯᠡᠨ ᠤ ᠪᠠᠭᠰᠢ ᠪᠣᠯᠭᠠᠵᠠᠢ᠃ ᠲᠡᠷᠡ ᠮᠤᠩᠭᠤᠯ᠂ | ᠬᠢᠳᠠᠳ᠂ ᠲᠦᠪᠡᠳ᠂ ᠮᠠᠨᠵᠦ ᠵᠡᠷᠭᠡ ᠬᠡᠳᠦᠨ ᠵᠦᠢᠯ ᠤᠨ ᠦᠰᠦᠭ ᠪᠢᠴᠢᠭ ᠢ ᠨᠡᠪᠳᠡᠷᠭᠡᠢ ᠮᠡᠳᠡᠬᠦ ᠠᠴᠠ ᠭᠠᠳᠠᠨ᠎ᠠ | ᠪᠠᠰᠠ ᠤᠷᠤᠰ᠂ ᠶᠠᠫᠣᠨ ᠬᠡᠯᠡ ᠶᠢ ᠰᠤᠷᠴᠤ ᠡᠵᠡᠮᠰᠢᠭᠰᠡᠨ ᠪᠠᠶᠢᠨ᠎ᠠ᠃ ᠪᠡᠭᠡᠵᠢᠩ ᠳᠤ ᠪᠠᠶᠢᠬᠤ ᠬᠤᠭᠤᠴᠠᠭᠠᠨ ᠳᠤ | ᠪᠠᠨ ᠮᠤᠩᠭᠤᠯ ᠬᠡᠯᠡ ᠪᠢᠴᠢᠭ ᠤᠨ ᠠᠵᠢᠯ ᠢ ᠲᠣᠰᠬᠠᠶᠢᠯᠠᠨ ᠡᠷᠬᠢᠯᠡᠵᠦ᠂ ᠦᠯᠡᠮᠵᠢ ᠤᠯᠠᠨ ᠨᠤᠮ ᠪᠢᠴᠢᠭ | ᠤᠷᠴᠢᠭᠤᠯᠵᠤ᠂ ᠠᠯᠢ ᠤᠯᠠᠨ ᠦᠬᠦᠯᠠᠯ ᠵᠤᠬᠢᠶᠠᠯ ᠪᠢᠴᠢᠭᠰᠡᠨ ᠪᠢᠯᠡ᠃ 1919 ᠣᠨ ᠳᠤ ᠮᠤᠩᠭᠤᠯ ᠦᠰᠦᠭ | ᠤᠨ ᠬᠤᠷᠭᠤᠯᠵᠢᠨ ᠪᠠᠷ ᠢ ᠠᠩᠬ᠎ᠠ ᠠᠯᠬᠤᠮ ᠡᠬᠦᠳᠦᠨ ᠪᠦᠳᠦᠬᠡᠵᠦ᠂ 1922 ᠣᠨ ᠳᠤ ᠤᠯᠠᠮ | ᠴᠢᠨᠠᠷᠵᠢᠭᠤᠯᠤᠨ ᠰᠢᠯᠢᠳᠡᠭ ᠰᠠᠶᠢᠨ ᠮᠤᠩᠭᠤᠯ ᠦᠰᠦᠭ ᠤᠨ ᠬᠤᠷᠭᠤᠯᠵᠢᠨ ᠪᠠᠷ ᠢ ᠡᠬᠦᠳᠦᠨ ᠪᠦᠳᠦᠬᠡᠭᠡᠳ | ᠮᠤᠩᠭᠤᠯ ᠦᠨᠳᠦᠰᠦᠳᠡᠨ ᠤ ᠬᠡᠪᠯᠡᠯ ᠤᠨ ᠦᠢᠯᠠᠰ ᠲᠤ ᠪᠠᠯᠠᠷᠠᠰᠢ ᠦᠬᠡᠢ ᠭᠠᠪᠢᠶ᠎ᠠ ᠵᠢᠳᠬᠦᠯ ᠦᠵᠡᠬᠦᠯᠦᠭᠰᠡᠨ | ᠪᠠᠶᠢᠨ᠎ᠠ᠃ |