| ᠵᠤᠰᠣᠳᠣ ᠶᠢᠨ ᠴᠢᠭᠤᠯᠭᠠᠨ ᠤ ᠲᠠᠷᠤᠭ᠎ᠠ ᠬᠠᠷᠠᠴᠢᠨ ᠴᠢᠨ ᠸᠠᠩ ᠸᠠᠩᠳᠣᠣᠨᠠᠮᠵᠢᠯ ᠤᠨ ᠣᠣᠭᠠᠨ | ᠬᠦᠪᠡᠬᠦᠨ᠂ ᠬᠠᠷᠠᠬᠠᠨ ᠪᠠᠭ᠎ᠠ ᠠᠴᠠ ᠪᠠᠨ ᠰᠢᠯᠢᠳᠡᠭ ᠰᠠᠶᠢᠨ ᠬᠦᠮᠦᠵᠢᠯ ᠬᠦᠷᠳᠡᠵᠦ᠂ ᠬᠢᠳᠡᠳ ᠂ᠮᠤᠩᠭᠤᠯ ᠂ | ᠮᠠᠨᠵᠦ᠂ ᠲᠦᠪᠡᠳ᠂ ᠶᠠᠫᠣᠨ ᠵᠡᠷᠭᠡ ᠬᠡᠯᠡ ᠪᠠ ᠦᠰᠦᠭ ᠪᠢᠴᠢᠭ ᠡᠵᠡᠮᠰᠢᠨ᠂ ᠪᠢᠴᠢᠭ ᠴᠡᠷᠢᠭ ᠤᠨ | ᠡᠷᠳᠡᠮ ᠬᠤᠣᠰᠯᠠᠭᠰᠠᠨ ᠴᠢᠳᠠᠪᠣᠷᠢᠳᠠᠨ ᠮᠦᠨ᠃ ᠲᠡᠷᠡ 27 ᠨᠠᠰᠣᠨ ᠳᠠᠭᠠᠨ ᠡᠴᠢᠬᠡ ᠬᠠᠷᠠᠴᠢᠨ ᠸᠠᠩ | ᠤᠨ ᠰᠠᠭᠤᠷᠢᠨ ᠢ ᠵᠠᠯᠭᠠᠮᠵᠢᠯᠠᠵᠣ᠂ ᠣᠯᠣᠰ ᠲᠦᠷᠦ ᠶᠢᠨ ᠠᠮᠢᠳᠣᠷᠠᠯ ᠢᠶᠠᠨ ᠡᠬᠢᠯᠡᠬᠦᠯᠦᠭᠰᠡᠨ ᠶᠣᠮ᠃ | ᠲᠡᠷᠡ 1920 ᠤᠨ ᠠᠴᠠ ᠡᠬᠢᠯᠡᠨ ᠬᠤᠰᠢᠭᠤᠨ ᠳᠠᠭᠠᠨ ᠮᠣᠩᠭᠤᠯ ᠦᠨᠳᠦᠰᠦᠳᠡᠨ ᠤ ᠠᠩᠬᠠᠨ ᠤ | ᠰᠢᠨ᠎ᠡ ᠮᠠᠶ᠋ᠢᠭ ᠤᠨ ᠰᠤᠷᠭᠠᠭᠤᠯᠢ《 ᠲᠦᠪ ᠢ ᠡᠷᠬᠢᠮᠯᠡᠭᠴᠢ ᠰᠤᠷᠭᠠᠭᠤᠯᠢ 》᠂《 ᠲᠦᠪ ᠢ ᠬᠦᠮᠦᠵᠢᠬᠦᠯᠦᠭᠴᠢ | ᠡᠮᠡᠭᠳᠡᠶᠢᠴᠦᠳ ᠤᠨ ᠰᠤᠷᠭᠠᠭᠤᠯᠢ 》᠂《 ᠲᠦᠪ ᠢ ᠰᠠᠬᠢᠬᠤ ᠴᠡᠷᠢᠭ ᠤᠨ ᠰᠤᠷᠭᠠᠭᠤᠯᠢ》 ᠨᠤᠭᠤᠳ ᠢ | ᠪᠠᠶᠢᠭᠤᠯᠤᠭᠰᠠᠨ ᠪᠠᠶᠢᠨ᠎ᠠ᠃ ᠲᠡᠷᠡ ᠪᠠᠰᠠ ᠬᠤᠰᠢᠭᠤᠨ ᠤ ᠠᠷᠠᠳ ᠢ ᠰᠡᠩᠭᠡᠷᠡᠭᠦᠯᠬᠦ ᠶᠢᠨ ᠲᠦᠯᠦᠬᠡ᠂ | ᠴᠢᠯᠠᠭᠤᠨ ᠪᠠᠷ ᠢᠶᠠᠷ《 ᠨᠢᠯᠬᠠᠰ ᠤᠨ ᠰᠣᠨᠢᠨ》᠂《 ᠢᠡᠭ ᠪᠤᠤ ᠰᠤᠨᠢᠨ》 ᠢ ᠲᠠᠷᠣᠮᠠᠯᠯᠠᠵᠣ᠂ ᠬᠤᠰᠢᠭᠤᠨ | ᠤ ᠭᠠᠳᠠᠭᠠᠳᠣ ᠲᠤᠳᠤᠭᠠᠳᠣ ᠳᠤ ᠲᠠᠷᠬᠠᠭᠠᠯᠭᠠᠵᠤ ᠪᠠᠶᠢᠵᠠᠢ᠃ ᠬᠤᠰᠢᠭᠤᠨ ᠤ ᠪᠠᠨ ᠰᠣᠶᠣᠯ ᠤᠨ ᠪᠠᠯᠠᠢ ᠶᠢ | ᠣᠰᠠᠳᠬᠠᠬᠠᠤ ᠶᠢᠨ ᠲᠦᠯᠦᠬᠡ᠂ ᠠᠷᠠᠳ ᠤᠨ ᠲᠤᠳᠤᠷ᠎ᠠ ᠦᠰᠦᠭ ᠲᠠᠨᠢᠭᠤᠯᠬᠤ ᠬᠦᠳᠡᠯᠭᠡᠭᠡᠨ ᠶᠠᠪᠣᠭᠤᠯᠵᠣ᠂ | ᠲᠠᠮᠠᠢ ᠬᠡᠳᠦᠨ ᠰᠠᠷ᠎ᠠ ᠪᠣᠯᠣᠯ ᠦᠬᠡᠢ ᠣᠯᠠᠩᠭᠢ ᠬᠦᠮᠦᠰ ᠢ ᠰᠣᠨᠢᠨ ᠣᠡᠭᠰᠢᠬᠤ ᠴᠢᠳᠠᠪᠣᠷᠢ ᠲᠠᠢ ᠪᠣᠯᠭᠠᠵᠠᠢ | ᠃ ᠲᠡᠷᠡ ᠪᠠᠰᠠ ᠬᠤᠰᠢᠭᠤᠨ ᠤ ᠪᠠᠨ ᠪᠣᠶᠢᠳᠠ ᠪᠦᠭᠯᠠᠬᠦᠦ ᠬᠤᠴᠣᠷᠣᠩᠭᠤᠢ ᠪᠠᠶᠢᠳᠠᠯ ᠢ ᠦᠬᠡᠷᠡᠴᠢᠯᠡᠬᠦ ᠶᠢᠨ | ᠲᠦᠯᠦᠬᠡ ᠪᠡᠶ᠎ᠡ ᠪᠠᠷ ᠢᠶᠠᠨ ᠬᠠᠶᠢᠨ ᠪᠠᠶᠢᠴᠠᠭᠠᠵᠤ᠂ ᠴᠠᠬᠢᠯᠭᠠᠨ ᠣᠳᠠᠰᠤ ᠲᠠᠳᠠᠵᠣ ᠰᠢᠦᠳᠠᠨ ᠤ ᠶᠠᠪᠣᠳᠠᠯ ᠢ | ᠣᠷᠣᠯᠠᠨ ᠬᠢᠬᠦ ᠪᠠ ᠴᠠᠬᠢᠯᠭᠠᠨ ᠮᠡᠳᠡᠭᠡ ᠬᠦᠯᠢᠶᠡᠨ ᠠᠪᠬᠤ ᠭᠠᠵᠠᠷ ᠪᠠᠶᠢᠭᠤᠯᠣᠨ᠂ ᠰᠣᠷᠭᠠᠠᠭᠤᠯᠢ ᠶᠢᠨ ᠪᠠᠭᠰᠢ | ᠰᠣᠷᠣᠭᠴᠢᠳ ᠪᠣᠯᠣᠨ ᠬᠤᠰᠢᠭᠤᠨ ᠤ ᠰᠡᠭᠡᠭᠡᠳᠡᠳ ᠲᠤ ᠲᠤᠳᠤᠷ ᠭᠠᠵᠠᠷ ᠤᠨ ᠡᠯ᠎ᠡ ᠵᠦᠢᠯ ᠤᠨ ᠰᠣᠨᠢᠨ ᠰᠡᠳᠬᠦᠯ | ᠢ ᠦᠵᠡᠵᠦ ᠴᠢᠳᠠᠬᠤ ᠪᠣᠯᠪᠠ᠃ ᠡᠳᠡᠭᠡᠷ ᠨᠢ ᠮᠣᠩᠭᠤᠯ ᠬᠤᠰᠢᠭᠤ ᠪᠣᠯᠣᠨ ᠲᠣᠳᠣᠷ ᠭᠠᠵᠠᠷ ᠤᠨ ᠰᠣᠶᠣᠯ ᠤᠨ | ᠬᠠᠷᠢᠴᠠᠭ᠎ᠠ ᠶᠢ ᠨᠢᠭᠳᠠᠷᠠᠭᠤᠯᠵᠣ᠂ ᠮᠤᠩᠭᠤᠯ ᠬᠤᠰᠢᠭᠤᠳ ᠤᠨ ᠬᠤᠴᠣᠷᠣᠩᠭᠤᠢ ᠪᠠᠶᠢᠳᠠᠯ ᠢ ᠦᠬᠡᠷᠡᠴᠢᠯᠡᠬᠦ | ᠳᠤ ᠲᠦᠯᠬᠢᠴᠡ ᠪᠤᠯᠤᠭᠰᠠᠨ ᠪᠠᠶᠢᠨ᠎ᠠ᠃ |