| ᠯᠣᠤᠬ᠎ᠠ ᠶᠢᠨ ᠭᠤᠤᠯ ᠢ ᠪᠠᠰᠠ ᠨᠣᠤᠬᠠ ᠶᠢᠨ ᠭᠤᠣᠯ ᠭᠡᠳᠡᠭ ᠃ ᠵᠠᠷᠢᠮ ᠡᠷᠳᠡᠮᠳᠡᠨ | ᠯᠤᠤᠬ᠎ᠠ ᠭᠡᠳᠡᠭ ᠥᠭᠡ ᠶᠢ ᠭᠢᠳᠡᠨ ᠥᠭᠡ᠂ ᠲᠠᠮᠥᠷ ᠭᠡᠰᠡᠨ ᠤᠳᠬ᠎ᠠ ᠲᠠᠢ ᠭᠡᠵᠤ ᠲᠠᠶᠢᠯᠪᠤᠷᠢᠯᠠᠵᠤ ᠪᠠᠶᠢᠨ᠎ᠠ᠃ | ᠡᠨᠡ ᠨᠢ ᠲᠡᠤᠭᠡ ᠶᠢᠨ ᠭᠥᠭᠵᠢᠯᠳᠡ ᠶᠢᠨ ᠴᠠᠭ ᠥᠶ᠎ᠡ ᠪᠠ ᠮᠤᠩᠭᠤᠯ ᠤᠨ ᠵᠠᠩᠰᠢᠯ ᠤᠨᠴᠠᠯᠢᠭ ᠲᠠᠢ ᠨᠡᠶᠢᠴᠡᠭᠦ | ᠥᠭᠡᠢ ᠭᠡᠵᠤ ᠪᠤᠳᠤᠨ᠎ᠠ᠃ ᠯᠤᠤᠬ᠎ᠠ ᠭᠡᠳᠡᠭ ᠥᠭᠡ ᠨᠢ ᠯᠾᠠᠬᠠ ᠭᠡᠳᠡᠭ ᠥᠭᠡ ᠶᠢ ᠪᠤᠷᠤᠭᠤ ᠪᠢᠴᠢᠭᠰᠡᠨ ᠪᠠᠶᠢᠬ᠎ᠠ | ᠃ ᠪᠢ ᠵᠠᠯᠠᠭᠤ ᠨᠠᠰᠤᠨ ᠳᠤ ᠬᠠᠷᠠᠴᠢᠨ ᠤ ᠲᠡᠤᠭᠡ ᠶᠢᠨ ᠬᠠᠮᠢᠶᠠᠳᠠᠢ ᠨᠢᠭᠡ ᠭᠠᠷ ᠪᠢᠴᠢᠮᠡᠯ ᠤᠨ ᠨᠤᠮ ᠳᠤ | ᠯᠾᠠᠬᠠ ᠶᠢᠨ ᠭᠤᠤᠯ ᠭᠡᠵᠤ ᠪᠢᠴᠢᠭᠰᠡᠨ ᠢ ᠤᠯᠵᠤ ᠤᠩᠰᠢᠭᠰᠠᠨ ᠶᠤᠮ᠃ ᠯᠾᠠᠬᠠ ᠭᠡᠳᠡᠭ ᠥᠭᠡ ᠪᠤᠯ ᠲᠥᠪᠡᠳ | ᠥᠭᠡ᠂ ᠲᠡᠭᠷᠢ ᠭᠡᠳᠡᠭ ᠤᠳᠬ᠎ᠠ ᠲᠠᠢ ᠥᠭᠡ᠃ ᠯᠾᠠᠬᠠ ᠶᠢᠨ ᠭᠤᠤᠯ ᠭᠡᠪᠡᠯ ᠲᠠᠷᠤᠢ ᠲᠡᠭᠷᠢ ᠶᠢᠨ ᠭᠤᠤᠯ | ᠭᠡᠰᠡᠨ ᠤᠳᠬ᠎ᠠ ᠲᠠᠢ ᠪᠤᠯᠤᠨ᠎ᠠ᠃ ᠯᠾᠠᠬᠠ ᠭᠡᠵᠤ ᠪᠢᠴᠢᠪᠠᠯ ᠮᠤᠩᠭᠤᠯ ᠤᠨ ᠲᠡᠤᠭᠡ ᠶᠢᠨ ᠭᠥᠭᠵᠢᠯ ᠪᠠ ᠵᠠᠩᠰᠢᠯ | ᠤᠨᠴᠠᠯᠢᠭ ᠲᠠᠢ ᠨᠡᠶᠢᠴᠡᠨ᠎ᠡ᠃ ᠯᠾᠠᠬᠠ ᠶᠢᠨ ᠭᠤᠤᠯ ᠭᠡᠳᠡᠭ ᠢ ᠭᠢᠳᠡᠳ ᠭᠡᠯᠡᠨ ᠳᠤ 老哈河 ᠭᠡᠵᠤ | ᠲᠡᠮᠳᠡᠭᠯᠡᠭᠰᠡᠨ ᠢ ᠴᠢᠯᠥᠭᠡᠯᠡᠭᠳᠡᠭᠰᠡᠨ ᠤ ᠬᠤᠶᠢᠨ᠎ᠠ ᠲᠠᠭᠢᠨ ᠮᠤᠩᠭᠤᠯ ᠢᠶᠠᠷ ᠪᠢᠴᠢᠭᠦ ᠳᠡᠭᠡᠨ ᠯᠤᠤᠬ᠎ᠠ ᠭᠡᠵᠤ ᠠᠶᠠᠯᠭᠤ | ᠪᠠᠷ ᠨᠢ ᠲᠡᠮᠳᠡᠭᠯᠡᠵᠤ ᠪᠤᠷᠤᠭᠤ ᠪᠢᠴᠢᠭᠰᠡᠨ ᠨᠢ ᠯᠠᠪᠳᠠᠢ ᠭᠡᠵᠤ ᠥᠵᠡᠵᠤ ᠪᠠᠶᠢᠨ᠎ᠠ᠃ | ※ ᠹᠦ᠋ ᠢᠦᠢ ᠰᠢᠥᠸᠠᠨ᠄ ᠮᠤᠩᠭᠤᠯ ᠬᠡᠯᠡᠨ ᠤ ᠪᠠᠭᠰᠢ᠂ ᠨᠢᠩᠴᠧᠩ ᠰᠢᠶᠠᠨ ᠤ ᠮᠤᠩᠭᠤᠯ ᠬᠡᠯᠡ | ᠪᠢᠴᠢᠭ ᠤᠨ ᠵᠢᠳᠬᠦᠯᠳᠡᠨ᠃ ᠡᠳᠦᠭᠡ ᠨᠠᠰᠤ ᠨᠦᠭᠴᠢᠵᠠᠢ᠃ ᠲᠡᠷᠡ ᠠᠮᠢᠳᠤ ᠰᠡᠷᠡᠭᠦᠨ ᠪᠠᠶᠢᠬᠤ ᠳᠠᠭᠠᠨ ︿︿ | ᠬᠠᠷᠠᠴᠢᠨ ᠮᠤᠩᠭᠤᠯ ᠤᠨ ᠬᠤᠥᠰ ᠤᠶᠠᠩᠭ᠎ᠠ﹀﹀᠂ ︿︿ᠬᠠᠷᠠᠴᠢᠨ ᠮᠤᠩᠭᠤᠯ ᠤᠨ ᠬᠤᠷᠢᠮ ᠤᠨ ᠶᠤᠰᠤᠨ﹀﹀ ᠢ | ᠡᠮᠬᠢᠳᠬᠡᠵᠦ ᠦᠯᠡᠳᠡᠭᠡᠪᠡ᠃ |