ᠨᠢᠩᠴᠧᠩ ᠨᠤᠳᠤᠭ ᠤᠨ ᠰᠤᠶᠤᠯ ᠤᠨ ᠦᠪ ᠵᠦ ᠵᠦ ᠴᠠ ᠳᠡᠯᠡᠳᠦᠬᠦᠷ ᠬᠦᠭᠵᠢᠮ
ᠨᠡᠶᠢᠲᠡᠯᠡᠭᠰᠡᠨ ᠴᠠᠭ᠄
2015/7/27
     ᠵᠠᠪᠰᠢᠶᠠᠨ ᠳᠠᠭᠠᠷᠠᠵᠤ ᠨᠢᠩᠴᠧᠩ ᠨᠤᠳᠤᠭ ᠢᠶᠠᠷ ᠬᠦᠷᠴᠤ ᠵᠦ ᠵᠦ ᠴᠠ ᠳᠡᠯᠡᠳᠥᠬᠦᠷ ᠬᠦᠭᠵᠢᠮ ᠤᠨ ᠳᠤᠬᠠᠢ  ᠰᠤᠷᠪᠤᠯᠵᠢᠯᠠᠵᠦ ᠶᠠᠪᠤᠯ᠎ᠠ᠃ ᠵᠦ ᠵᠦ ᠴᠠ ᠳᠡᠯᠡᠳᠥᠬᠦᠷ ᠬᠦᠭᠵᠢᠮ ᠬᠡᠬᠦ ᠳᠤ ᠤᠯᠠᠩᠬᠢ ᠬᠦᠮᠦᠰ ᠳᠠᠨᠢᠯ ᠪᠤᠰᠤ  ᠰᠠᠨᠠᠭᠳᠠᠬᠤ ᠪᠠᠶᠢᠬ᠎ᠠ᠃ ᠳᠡᠭᠡᠷ᠎ᠠ ᠵᠢᠯ ᠵᠦ ᠵᠦ ᠴᠠ ᠳᠡᠯᠡᠳᠥᠬᠦᠷ ᠬᠦᠭᠵᠢᠮ ᠤᠨ ᠳᠤᠬᠠᠢ ᠨᠤᠮ ᠬᠡᠪᠯᠡᠭᠳᠡᠨ  ᠳᠠᠷᠬᠠᠭᠠᠭᠳᠠᠭᠰᠠᠨ ᠳᠤᠬᠠᠢ ᠰᠤᠨᠤᠰᠴᠤ ᠪᠠᠶᠢᠭᠰᠠᠨ᠃ ᠬᠡᠬᠦ ᠳᠤ ᠨᠤᠮ ᠢ ᠨᠢ ᠬᠠᠷᠠᠬᠠᠨ ᠦᠵᠡᠵᠦ ᠦᠩᠭᠡᠷᠡᠭᠡ ᠦᠬᠡᠢ᠃  ᠳᠡᠶᠢᠮᠦ ᠠᠴᠠ ᠵᠦ ᠵᠦ ᠴᠠ ᠳᠡᠯᠡᠳᠥᠬᠦᠷ ᠬᠦᠭᠵᠢᠮ ᠤᠨ ᠳᠤᠬᠠᠢ ᠪᠢ ᠴᠤ ᠳᠠᠭ ᠮᠡᠳᠡᠬᠦ ᠦᠬᠡᠢ ᠪᠠᠶᠢᠵᠦ ᠂  ᠰᠤᠷᠪᠤᠯᠵᠢᠯᠠᠭ᠎ᠠ ᠶᠢᠨ ᠠᠶᠠᠨ ᠢᠶᠠᠨ ᠰᠤᠨᠢᠭᠤᠴᠢᠯᠠᠭᠰᠠᠨ ᠪᠤᠳᠤᠯ ᠢᠶᠠᠷ ᠡᠬᠢᠯᠡᠬᠦᠯᠦᠭᠰᠡᠨ ᠪᠢᠯᠡ᠃ ᠮᠠᠨ ᠤ  ᠮᠤᠩᠭᠤᠯᠴᠤᠳ ᠳᠠᠭᠤᠤ ᠬᠦᠭᠵᠢᠮ ᠳᠤ ᠠᠪᠢᠶᠠᠰᠤᠯᠢᠭ᠂ ᠮᠤᠷᠢᠨ ᠬᠤᠭᠤᠷ᠂ ᠬᠤᠭᠤᠷ ᠤᠨ ᠦᠯᠢᠬᠡᠷ᠂ ᠲᠦᠷᠪᠡᠨ  ᠤᠳᠠᠰᠤᠳᠤ ᠬᠤᠭᠤᠷ ᠵᠡᠷᠬᠡ ᠬᠤᠭᠤᠷ ᠴᠤᠭᠤᠷ ᠲᠠᠢ ᠰᠠᠶᠢᠬᠠᠨ ᠦᠨᠳᠦᠰᠦᠳᠡᠨ ᠬᠡᠳᠡᠭ ᠢ ᠬᠡᠨ ᠠᠨᠳᠠᠬᠤ ᠪᠢᠯᠡ᠃  ᠮᠠᠨ ᠤ ᠮᠤᠩᠭᠤᠯ ᠨᠤᠳᠤᠭ ᠤᠨ ᠤᠯᠠᠮᠵᠢᠯᠠᠯᠳᠤ ᠦᠪ ᠰᠤᠶᠤᠯ ᠤᠨ ᠠᠭᠤᠯᠭ᠎ᠠ ᠴᠤ ᠪᠠᠶᠠᠯᠢᠭ ᠪᠠᠶᠢᠳᠠᠭ᠃ ᠤᠤᠯ ᠨᠢ  ᠮᠠᠨ ᠤ ᠬᠤᠳᠠ ᠶᠢᠨ ᠬᠤᠶᠢᠳᠤ ᠬᠡᠰᠡᠭ ᠤᠨ ᠮᠤᠩᠭᠤᠯ ᠬᠤᠰᠢᠭᠤ ᠨᠤᠳᠤᠭ ᠢᠶᠠᠷ ᠶᠠᠪᠤᠵᠦ ᠪᠠᠶᠢᠬᠤ ᠳᠠᠭᠠᠨ ᠬᠠᠭᠠᠨ  ᠤᠷᠳᠤᠨ ᠤ ᠬᠦᠭᠵᠢᠮ ᠬᠡᠳᠡᠭ ᠢ ᠦᠵᠡᠵᠦ ᠰᠤᠨᠤᠰᠴᠤ ᠪᠠᠶᠢᠭᠰᠠᠨ ᠪᠤᠯᠬᠤᠷ ᠵᠦ ᠵᠦ ᠴᠠ ᠬᠦᠭᠵᠢᠮ ᠨᠢ ᠳᠡᠬᠦᠨ ᠲᠠᠢ  ᠠᠳᠠᠯᠢ ᠴᠤ ᠪᠤᠯᠪᠠᠤ ᠬᠡᠵᠦ ᠪᠤᠳᠤᠵᠦ ᠶᠠᠪᠤᠯ᠎ᠠ᠃     ᠨᠢᠩᠴᠧᠩ ᠳᠤ ᠬᠦᠷᠦᠭᠰᠡᠨ ᠤ ᠳᠠᠷᠠᠭ᠎ᠠ ᠡᠷᠬᠡᠪᠰᠢ ᠠᠭᠤᠯᠵᠠᠬᠤ ᠴᠢᠬᠤᠯᠠᠳᠠᠢ ᠬᠦᠮᠦᠨ ᠪᠤᠯ ︽ᠨᠢᠩᠴᠧᠩ ᠤᠨ  ᠵᠦ ᠵᠦ ᠴᠠ ᠬᠡᠩᠬᠡᠷᠬᠡᠨ ᠨᠤᠲ ᠤᠨ ᠡᠮᠬᠢᠳᠬᠡᠯ ︾ ᠢ ᠪᠢᠴᠢᠭᠰᠡᠨ ᠶᠢᠨ ᠳᠠᠩ ᠪᠠᠭᠰᠢ ᠪᠤᠯᠤᠨ᠎ᠠ᠃ ᠬᠡᠷᠪᠡ ᠳᠤᠰᠬᠠᠢ  ᠳᠠᠨᠢᠯᠴᠠᠭᠤᠯᠭ᠎ᠠ ᠬᠢᠵᠦ ᠪᠢᠴᠢᠭᠰᠡᠨ ᠨᠤᠮ ᠢᠶᠠᠨ ᠡᠮᠦᠨ᠎ᠠ ᠳᠡᠯᠬᠡᠵᠦ ᠳᠠᠯᠪᠢᠭ᠎ᠠ ᠦᠬᠡᠢ ᠪᠤᠯ ᠡᠨᠡᠬᠦ ᠡᠬᠡᠯ  ᠪᠤᠷᠤᠭᠵᠢᠭᠤᠬᠠᠨ ᠡᠮᠦᠰᠬᠡᠯ ᠲᠠᠢ᠂ ᠬᠠᠷᠠᠯᠠᠬᠠᠨ ᠰᠢᠭ᠂ ᠳᠤᠮᠳᠠ ᠶᠢᠨ ᠪᠡᠶ᠎ᠠ ᠲᠠᠢ᠂ ᠡᠴᠡᠩᠬᠡᠶᠢᠪᠳᠤᠷ᠂ ᠢᠨᠢᠶᠡᠳᠤ  ᠠᠯᠳᠠᠭᠰᠨ ᠴᠢᠷᠠᠢ ᠲᠠᠢ ᠡᠨᠡ ᠬᠦᠮᠦᠨ ᠢ ᠡᠶᠢᠮᠦᠷᠬᠡᠤ ᠪᠦᠳᠦᠬᠡᠯ ᠪᠦᠳᠦᠬᠡᠯ᠎ᠠ ᠬᠡᠳᠡᠭ ᠢ ᠪᠢ ᠶᠠᠭᠠᠬᠢᠭᠰᠠᠨ ᠴᠤ  ᠦᠵᠡᠵᠦ ᠭᠠᠷᠬᠤ ᠦᠬᠡᠢ᠃        ᠪᠢᠳᠡ ᠶᠢᠨ ᠳᠠᠩ ᠠᠪᠤᠭᠠᠢ ᠲᠠᠢ ᠮᠡᠨᠳᠤᠴᠢᠯᠡᠨ ᠲᠦᠬᠦᠮ ᠶᠠᠷᠢᠯᠴᠠᠨ᠂ ᠪᠢᠴᠢᠭᠰᠠᠨ ᠨᠤᠮ ᠢ ᠨᠢ ᠤᠷᠪᠠᠭᠤᠯᠤᠨ  ᠵᠦ ᠵᠦ ᠴᠠ ᠳᠡᠯᠡᠳᠥᠬᠦᠷ ᠬᠦᠭᠵᠢᠮ ᠤᠨ ᠳᠤᠬᠠᠢ ᠠᠩᠬ᠎ᠠ ᠤᠢᠢᠯᠠᠭᠠᠯᠳᠠ ᠲᠠᠢ ᠪᠤᠯᠤᠯ᠎ᠠ᠃ ᠨᠤᠮ ᠳᠠᠬᠢ  ᠳᠠᠭᠠᠯᠳᠤᠭᠤᠯᠤᠭᠰᠠᠨ ᠵᠢᠷᠤᠭ ᠰᠡᠬᠦᠳᠡᠷ ᠢ ᠦᠵᠡᠬᠦ ᠳᠤ ᠵᠦ ᠵᠦ ᠴᠠ ᠳᠡᠯᠡᠳᠥᠬᠦᠷ ᠬᠦᠭᠵᠢᠮ ᠨᠢ ᠶᠠᠭ ᠯᠡ  ᠬᠢᠳᠠᠳ ᠤᠨ ᠴᠠᠭᠠᠨ ᠰᠠᠷ᠎ᠠ ᠶᠢᠨ ᠠᠷᠪᠠᠨ ᠳᠠᠪᠤᠨ ᠳᠤ ᠶᠠᠩᠭᠠᠷ ᠪᠦᠵᠢᠭᠯᠡᠬᠦ ᠦᠶᠡᠰ ᠤᠨ ᠬᠡᠩᠬᠡᠷᠭᠡ ᠴᠠᠩ  ᠳᠡᠯᠡᠳᠤᠳᠡᠭ ᠲᠠᠢ ᠠᠳᠠᠯᠢᠬᠠᠨ ᠰᠢᠭ ᠪᠠᠶᠢᠯ᠎ᠠ᠃ ᠬᠡᠪᠡᠴᠤ ᠶᠢᠨ ᠳᠠᠩ ᠪᠠᠭᠰᠢ ᠶᠢᠨ ᠳᠠᠨᠢᠯᠴᠠᠭᠤᠯᠭ᠎ᠠ ᠶᠢ ᠰᠤᠨᠤᠰᠤᠭᠠᠳ  ᠵᠦ ᠵᠦ ᠴᠠ ᠳᠡᠯᠡᠳᠦᠬᠦᠷ ᠬᠦᠭᠵᠢᠮ ᠨᠢ ᠬᠢᠳᠠᠳ ᠤᠨ ᠶᠠᠩᠭᠠᠷ ᠪᠦᠵᠢᠭᠯᠡᠬᠦ ᠬᠡᠩᠬᠡᠷᠭᠡ ᠴᠠᠩ ᠳᠡᠯᠡᠳᠥᠬᠦ ᠲᠠᠢ ᠠᠳᠠᠯᠢ  ᠦᠬᠡᠢ ᠬᠡᠳᠡᠭ ᠢ ᠮᠡᠳᠡᠯ᠎ᠠ᠃ ᠵᠦ ᠵᠦ ᠴᠠ ᠲᠯᠡᠳᠦᠬᠦᠷ ᠬᠦᠭᠵᠢᠮ ᠪᠤᠯ ᠠᠶᠢᠵᠠᠮ ᠨᠢ ᠲᠦᠷᠬᠡᠨ ᠪᠦᠭᠡᠳ ᠰᠦᠷ  ᠬᠦᠴᠦᠨ ᠲᠠᠢ ᠪᠠᠶᠢᠳᠠᠭ᠃ ᠶᠠᠩᠭᠠᠷ ᠪᠦᠵᠢᠭ ᠤᠨ ᠬᠡᠩᠬᠡᠷᠭᠡ ᠴᠠᠩ ᠠᠶᠢᠵᠠᠮ ᠨᠢ ᠤᠳᠠᠭᠠᠨ ᠪᠠᠶᠢᠳᠠᠭ ᠪᠦᠭᠡᠳ ᠡᠨᠡ  ᠬᠤᠶᠠᠷ ᠵᠦᠢᠯ ᠤᠨ ᠬᠦᠭᠵᠢᠮ ᠤᠨ ᠴᠤᠬᠢᠯᠭ᠎ᠠ ᠨᠢ ᠴᠤ ᠤᠨᠳᠤᠤ ᠶᠤᠮ ᠬᠡᠨ᠎ᠠ᠃ ᠵᠦ ᠵᠦ ᠴᠠ ᠳᠡᠯᠡᠳᠥᠬᠦᠷ  ᠬᠦᠭᠵᠢᠮ ᠢ ᠬᠦᠭᠵᠢᠮᠳᠡᠬᠦ ᠳᠤ ᠬᠡᠩᠬᠡᠷᠡᠭᠡ᠂ ᠴᠠᠩ᠂ ᠬᠠᠷᠠᠩᠭ᠎ᠠ᠂ ᠰᠦᠨᠯᠢᠶᠠᠨ᠂ ᠪᠠᠨᠵᠢᠶᠠᠩ᠂ ᠯᠢᠩᠪᠦ᠂ ᠱᠧᠩ ᠵᠡᠷᠬᠡ  ᠬᠦᠭᠵᠢᠮ ᠤᠨ ᠪᠠᠭᠠᠵᠢ ᠶᠢ ᠬᠡᠷᠡᠭᠰᠡᠳᠡᠭ ᠪᠠᠶᠢᠨ᠎ᠠ᠃ ᠬᠡᠪᠡᠴᠤ ᠡᠳᠡᠭᠡᠷ ᠬᠦᠭᠵᠢᠮ ᠤᠨ ᠪᠠᠭᠠᠵᠢ ᠶᠢ ᠡᠷᠬᠡᠪᠰᠢ ᠪᠦᠬᠦᠨ ᠢ  ᠵᠡᠷᠬᠡᠪᠡᠷ ᠬᠡᠷᠡᠭᠯᠡᠬᠦ ᠬᠡᠰᠡᠨ ᠪᠢᠰᠢ᠂ ᠨᠤᠲ ᠤᠨ ᠢᠶᠠᠨ ᠠᠳᠠᠯᠢ ᠪᠤᠰᠤ ᠶᠢ ᠦᠨᠳᠦᠰᠦᠯᠡᠨ ᠬᠦᠭᠵᠢᠮ ᠤᠨ ᠪᠠᠭᠠᠵᠢ ᠪᠠᠨ  ᠰᠤᠩᠭᠤᠳᠠᠭ᠃ ᠬᠦᠮᠦᠨ ᠨᠢ ᠠᠷᠪᠢᠨ ᠴᠦᠬᠡᠨ ᠪᠦᠷ ᠪᠠᠶᠢᠵᠦ ᠪᠤᠯᠬᠤ ᠪᠦᠭᠡᠳ ᠡᠷᠡᠭᠳᠡᠢ ᠡᠮᠡᠭᠳᠡᠢ ᠬᠦᠢᠰᠤ ᠶᠢᠨ  ᠢᠯᠭᠠᠯ ᠦᠬᠡᠢ᠃ ᠬᠠᠮᠤᠭ ᠪᠠᠭ᠎ᠠ ᠳᠠᠭᠠᠨ ᠲᠦᠷᠪᠡᠨ ᠬᠦᠮᠦᠨ ᠪᠠᠶᠢᠮᠠᠨᠵᠢᠨ ᠳᠡᠯᠡᠳᠦᠨ ᠬᠦᠭᠵᠢᠮᠳᠡᠵᠦ ᠳᠡᠶᠢᠯᠦᠨ᠎ᠠ᠃  ᠡᠨᠡ ᠪᠤᠯ ᠪᠤᠰᠤᠳ ᠶᠠᠮᠠᠷ ᠴᠤ ᠬᠦᠭᠵᠢᠮ ᠤᠨ ᠪᠠᠭᠠᠵᠢ ᠬᠡᠷᠡᠭᠯᠡᠬᠦ ᠦᠬᠡᠢ ᠴᠤᠯᠤ ᠳᠡᠯᠡᠳᠦᠬᠦᠷ ᠬᠦᠭᠵᠢᠮ ᠪᠤᠯᠤᠨ᠎ᠠ᠃       ᠶᠢᠨ ᠳᠠᠩ ᠠᠪᠤᠭᠠᠢ 9 ᠨᠠᠰᠤᠨ ᠠᠴᠠ ᠪᠠᠨ ᠡᠬᠢᠯᠡᠨ ᠯᠠᠮᠠ ᠡᠪᠦᠭᠡ ︵ᠷᠠᠰᠢᠰᠠᠩᠪᠤ᠂ ᠡᠷᠳᠡ ᠮᠠᠷᠠᠳᠤ ᠶᠢᠨ  ᠦᠯᠵᠡᠶᠢᠳᠤ ᠨᠤᠮ ᠤᠨ ᠬᠦᠷᠳᠦᠳᠦ ᠰᠥᠮ᠎ᠠ ᠳᠤ ᠯᠠᠮᠠ ᠪᠤᠯᠵᠦ᠂ ᠰᠦᠮ᠎ᠠ ᠶᠢᠨ ᠤᠩᠰᠤᠨ ᠪᠠᠶᠢᠭᠰᠠᠨ︶ ᠪᠠᠨ  ᠳᠠᠭᠠᠵᠦ᠂ ᠲᠦᠪᠡᠳ ᠠᠴᠠ ᠤᠯᠠᠮᠵᠢᠯᠠᠭᠰᠠᠨ ᠪᠤᠷᠬᠠᠨ ᠱᠠᠰᠢᠨ ᠤ ︽ᠵᠦ ᠵᠦ ᠴᠠ ᠬᠡᠩᠬᠡᠷᠬᠡᠨ ᠬᠦᠭᠵᠢᠮ ︾ ᠢ ᠰᠤᠷᠴᠤ  ᠂ ᠬᠠᠷᠠᠬᠠᠨ ᠪᠠᠭ᠎ᠠ ᠠᠴᠠ ᠪᠠᠨ ᠵᠦ ᠵᠦ ᠴᠠ ᠳᠡᠯᠡᠳᠦᠬᠦᠷ ᠬᠦᠭᠵᠢᠮ ᠤᠨ ᠰᠤᠶᠤᠯ ᠤᠨ ᠨᠦᠯᠦᠬᠡ ᠶᠢ ᠬᠦᠷᠳᠡᠭᠰᠡᠨ  ᠪᠠᠶᠢᠨ᠎ᠠ᠃ ᠠᠷᠪᠠᠭᠠᠳ ᠨᠠᠰᠤᠨ ᠠᠴᠠ ᠪᠠᠨ ᠠᠪᠤ ᠪᠠ ᠠᠶᠢᠯ ᠤᠨ ᠠᠬᠠᠰ ᠵᠠᠬᠠᠰ ᠢᠶᠠᠨ ᠳᠠᠭᠠᠵᠦ᠂ ︽ᠮᠦᠩᠬᠡ ᠤᠰᠤ︾  ᠂ ︽ᠲᠦᠷᠴᠢᠬᠢᠨᠡᠮᠡᠯ ᠨᠤᠲ︾᠂ ︽ᠨᠠᠶᠢᠷᠠᠮᠳᠠᠭᠤ ᠨᠤᠲ︾᠂ ︽ᠵᠠᠮ ᠳᠠᠬᠢᠬᠤ ᠳ᠋ᠧᠩ︾᠂ ︽ᠨᠠᠢᠮᠠᠨ ᠴᠤᠬᠢᠯᠳᠠ︾  ᠵᠡᠷᠬᠡ ᠬᠡᠩᠬᠡᠷᠬᠡ ᠴᠠᠩ ᠤᠨ ᠳᠡᠯᠡᠳᠦᠬᠦᠷ ᠬᠦᠭᠵᠢᠮ ᠢ ᠰᠤᠷᠴᠤ᠂ ᠤᠳᠤ ᠪᠤᠯᠳᠠᠯ᠎ᠠ 40 ᠭᠠᠷᠤᠢ ᠵᠢᠯ ᠪᠤᠯᠵᠡᠢ᠃  ᠶᠢᠨ ᠳᠠᠩ ᠪᠠᠭᠰᠢ ᠡᠨᠡᠬᠦ ᠰᠤᠶᠤᠯ ᠤᠨ ᠦᠪ ᠢ ᠳᠡᠮᠳᠡᠭᠯᠡᠨ ᠤᠯᠠᠮᠵᠢᠯᠠᠬᠤ ᠶᠢᠨ ᠡᠬᠦᠳᠡᠨ ᠠᠴᠠ ᠤᠢᠢᠷ᠎ᠠ ᠶᠢᠨ  ᠠᠷᠪᠠᠭᠠᠳ ᠵᠢᠯ ᠳᠤ ᠠᠵᠢᠯ ᠤᠨ ᠰᠡᠯᠡᠬᠦᠤ ᠴᠠᠭ ᠢᠶᠠᠨ ᠠᠰᠢᠭᠯᠠᠨ ᠬᠤᠪᠢ ᠶᠢᠨ ᠵᠠᠷᠤᠳᠠᠯ ᠢᠶᠠᠷ ᠵᠦ ᠵᠦ ᠴᠠ  ᠳᠡᠯᠡᠳᠦᠬᠦᠷ ᠬᠦᠭᠵᠢᠮ ᠤᠨ ᠦᠯᠡᠳᠡᠭᠳᠡᠨ ᠢᠷᠡᠭᠰᠡᠨ ᠨᠤᠲ ᠶᠢ ᠬᠤᠷᠢᠶᠠᠨ ᠴᠤᠭᠯᠠᠭᠤᠯᠵᠦ ︽ᠨᠢᠩᠴᠧᠩ ᠤᠨ ᠵᠦ ᠵᠦ  ᠴᠠ ᠬᠡᠩᠬᠡᠷᠬᠡᠨ ᠨᠤᠲ ᠤᠨ ᠡᠮᠬᠢᠳᠬᠡᠯ ︾ ᠢ ᠪᠢᠴᠢᠭᠰᠡᠨ ᠪᠠᠶᠢᠨ᠎ᠠ᠃      ᠶᠢᠨ ᠳᠠᠩ ᠪᠠᠭᠰᠢ ᠶᠢᠨ ᠳᠠᠭᠠᠭᠤᠯᠭ᠎ᠠ ᠪᠠᠷ ᠨᠢᠩᠴᠧᠩ ᠰᠢᠶᠠᠨ ᠤ ᠮᠠᠩᠨᠢᠭᠤᠳ ᠪᠠᠯᠭᠠᠰᠤᠨ ᠳᠤ ᠬᠦᠷᠴᠤ ᠵᠦ ᠵᠦ  ᠴᠠ ᠳᠡᠯᠡᠳᠥᠬᠦᠷ ᠬᠦᠭᠵᠢᠮ ᠬᠦᠭᠵᠢᠮᠳᠡᠬᠦ ᠶᠢ ᠦᠵᠡᠯ᠎ᠠ᠃ ᠠᠷᠪᠠᠭᠠᠳ ᠬᠦᠮᠦᠨ v ᠦᠰᠦᠭ ᠤᠨ ᠬᠡᠯᠪᠡᠷᠢ ᠪᠠᠷ  ᠵᠤᠭᠰᠤᠨ᠂ ᠭᠤᠤᠯ ᠳᠤᠮᠳᠠᠬᠢ ᠬᠦᠮᠦᠨ ᠬᠡᠩᠭᠡᠷᠡᠭᠡ ᠳᠡᠯᠡᠳᠤᠨ᠂ ᠬᠤᠶᠠᠷ ᠬᠠᠵᠠᠭᠤ ᠶᠢᠨ ᠬᠦᠮᠦᠨ ᠨᠢ ᠴᠠᠩ᠂  ᠬᠠᠷᠠᠩᠭ᠎ᠠ ᠵᠡᠷᠬᠡ ᠬᠦᠭᠵᠢᠮ ᠤᠨ ᠪᠠᠭᠠᠵᠢ ᠪᠠᠷᠢᠨ ᠬᠠᠮᠳᠤᠪᠠᠷ ᠳᠡᠯᠡᠳᠤᠨ ᠬᠦᠭᠵᠢᠮᠳᠤᠯ᠎ᠠ᠃ ᠤᠷᠢᠳᠠᠪᠠᠷ ᠭᠤᠤᠯ ᠳᠤ  ᠵᠤᠭᠰᠤᠵᠦ ᠪᠠᠶᠢᠭ᠎ᠠ ᠬᠡᠩᠬᠡᠷᠡᠭᠡ ᠳᠡᠯᠡᠳᠦᠭᠴᠢ ᠨᠢ ᠡᠬᠢᠯᠡᠨ ᠳᠡᠯᠡᠳᠤᠯ᠎ᠠ᠃ ᠳᠡᠬᠦᠨ ᠤ ᠳᠠᠷᠠᠭ᠎ᠠ ᠪᠠᠷ ᠨᠢ ᠬᠤᠶᠠᠷ  ᠬᠠᠵᠠᠭᠤ ᠶᠢᠨ ᠠᠳᠠᠯᠢ ᠪᠤᠰᠤ ᠬᠦᠭᠵᠢᠮ ᠤᠨ ᠪᠠᠭᠠᠵᠢ ᠪᠠᠷᠢᠭᠰᠠᠨ ᠬᠦᠮᠦᠰ ᠵᠠᠷᠢᠮ ᠳᠠᠭᠠᠨ ᠬᠡᠳᠦᠬᠦᠯᠡ ᠪᠠᠨ  ᠵᠠᠷᠢᠮ ᠳᠠᠭᠠᠨ ᠬᠠᠮᠳᠤ ᠴᠠᠩ ᠬᠠᠷᠠᠩᠭ᠎ᠠ ᠵᠡᠷᠬᠡ ᠪᠠᠨ ᠳᠡᠯᠡᠳᠤᠨ ᠬᠦᠭᠵᠢᠮᠳᠤᠨ᠎ᠠ᠃ ᠰᠤᠨᠤᠰᠬᠤ ᠳᠤ ᠬᠦᠩᠬᠢᠨᠡᠮ᠎ᠠ  ᠰᠦᠷᠯᠢᠭ᠂ ᠠᠶᠠᠰ ᠨᠢ ᠴᠤ ᠲᠦᠷᠬᠡᠨ ᠪᠠᠶᠢᠯ᠎ᠠ᠃ ᠵᠠᠷᠢᠮ ᠦᠶᠡᠰ ᠲᠡᠭᠡᠨ ᠳᠠᠭᠤᠤ ᠨᠢ ᠦᠨᠳᠦᠷᠵᠢᠨ᠂ ᠠᠶᠠᠰ ᠨᠢ  ᠲᠦᠷᠬᠡᠰᠤᠨ᠂ ᠢᠳᠡᠯᠢᠭ ᠡᠷᠴᠢᠮᠳᠡᠢ ᠪᠤᠯᠵᠦ᠂ ᠬᠦᠭᠵᠢᠮᠳᠡᠬᠦ ᠬᠦᠭ ᠠᠶᠠᠰ ᠤᠨ ᠬᠢᠨᠢ ᠴᠠᠭᠠᠨ᠎ᠠ ᠶᠠᠮᠠᠷ ᠨᠢᠬᠡ ᠰᠦᠷ  ᠬᠦᠴᠦᠨ ᠲᠠᠢ ᠵᠦᠢᠯ ᠪᠠᠶᠢᠬᠤ ᠰᠢᠭ ᠰᠠᠨᠠᠭᠳᠠᠨ᠎ᠠ᠃     ᠡᠨᠡᠬᠦ ᠬᠦᠭᠵᠢᠮ ᠤᠨ ᠠᠩᠬᠢ ᠳᠤ  ᠳᠡᠯᠡᠳᠥᠬᠦᠷ  ᠬᠦᠭᠵᠢᠮ  ᠳᠡᠯᠡᠳᠤᠨ  ᠬᠦᠭᠵᠢᠮᠳᠡᠵᠦ ᠪᠠᠶᠢᠭ᠎ᠠ ᠬᠠᠮᠤᠭ  ᠦᠨᠳᠦᠷ ᠨᠠᠰᠤᠳᠠᠢ ᠨᠠᠰᠤᠳᠠᠨ ᠠᠴᠠ ᠰᠤᠷᠪᠤᠯᠵᠢᠯᠠᠭ᠎ᠠ ᠠᠪᠬᠤ ᠳᠤ᠂ ᠡᠨᠡ ᠳᠡᠯᠡᠳᠡᠬᠦᠷ ᠬᠦᠭᠵᠢᠮ ᠢ ᠴᠠᠭᠠᠨ  ᠰᠠᠷ᠎ᠠ ᠳᠠᠭᠠᠨ ᠳᠡᠯᠡᠳᠥᠳᠡᠭ ᠪᠤᠶᠤ ᠪᠤᠷᠤᠭᠠᠨ ᠭᠤᠶᠤᠬᠤ ᠦᠶ᠎ᠠ ᠳᠤ ᠳᠡᠯᠡᠳᠦᠳᠡᠭ᠃ ᠵᠠᠷᠢᠮ ᠳᠠᠭᠠᠨ ᠪᠠᠰᠠ ᠠᠮᠤ  ᠳᠠᠷᠢᠶᠠᠨ ᠤ ᠦᠨᠳᠦᠷ ᠤᠨᠠᠯᠳᠠ ᠶᠢ ᠴᠤ ᠳᠠᠭᠠᠳᠬᠠᠨ ᠬᠦᠭᠵᠢᠮᠳᠡᠳᠡᠭ᠃ ᠡᠷᠳᠡ ᠳᠡᠭᠡᠨ ᠮᠠᠨ ᠤ ᠡᠨᠡ ᠨᠤᠳᠤᠭ ᠢᠶᠠᠷ  ᠳᠠᠶᠢᠨ ᠪᠠᠶᠢᠯᠳᠤᠭᠠᠨ ᠪᠤᠯᠵᠦ ᠪᠠᠶᠢᠭᠰᠠᠨ ᠳᠤ᠂ ᠮᠤᠩᠭᠤᠯᠴᠤᠳ ᠴᠡᠷᠢᠭ ᠳᠠᠶᠢᠨ ᠳᠤ ᠮᠤᠷᠳᠠᠬᠤ ᠠᠴᠠ ᠡᠮᠦᠨ᠎ᠠ  ᠳᠠᠶᠢᠴᠢᠯᠠᠨᠯᠳᠠ ᠶᠢᠨ ᠬᠦᠭᠵᠢᠮ ᠳᠡᠯᠡᠳᠤᠨ᠂ ᠢᠯᠠᠯᠳᠠ ᠪᠠᠨ ᠪᠡᠯᠬᠡᠳᠡᠵᠦ ᠪᠠᠶᠢᠭᠰᠠᠨ ᠬᠡᠨ᠎ᠠ᠃ ᠬᠡᠪᠡᠴᠤ ᠰᠦᠮ᠎ᠠ ᠶᠢᠨ  ᠯᠠᠮ᠎ᠠ ᠨᠠᠷ ᠳᠡᠯᠡᠳᠤᠨ ᠭᠠᠢ ᠪᠠᠷᠴᠢᠳ ᠠᠷᠢᠯᠭᠠᠬᠤ ᠳᠤ ᠳᠡᠯᠡᠳᠤᠨ ᠬᠦᠭᠵᠢᠮᠳᠤᠳᠡᠭ ᠬᠡᠳᠡᠭ ᠤᠯᠠᠮᠵᠢᠯᠠᠯ ᠶᠠᠷᠢᠶ᠎ᠠ ᠨᠢ  ᠠᠷᠪᠢᠨ ᠪᠠᠶᠢᠳᠠᠭ᠃ ᠬᠤᠵᠢᠮ ᠰᠡᠬᠦᠯᠡᠷ ᠨᠢ ᠰᠦᠮ᠎ᠡ ᠠᠴᠠ ᠠᠷᠠᠳ ᠤᠨ ᠳᠤᠮᠳᠠ ᠤᠯᠠᠮᠵᠢᠯᠠᠭᠳᠠᠨ ᠢᠷᠡᠵᠡᠢ ᠬᠡᠵᠦ  ᠬᠡᠯᠡᠯᠴᠡᠳᠡᠭ ᠬᠡᠵᠦ ᠲᠠᠨᠢᠯᠴᠠᠭᠤᠯᠤᠯ᠎ᠠ᠃      ᠰᠤᠷᠪᠤᠯᠵᠢᠯᠠᠭ᠎ᠠ ᠳᠤᠮᠳᠠ ᠵᠦ ᠵᠦ ᠴᠠ ᠬᠦᠭᠵᠢᠮ ᠳᠡᠯᠡᠳᠤᠨ ᠬᠦᠭᠵᠢᠮᠳᠡᠵᠦ ᠪᠠᠶᠢᠭᠰᠠᠨ ᠠᠬᠠᠰ ᠵᠠᠬᠠᠰ ᠤᠳ  ᠴᠦᠮ ᠡᠨᠡᠬᠦ ᠬᠦᠭᠵᠢᠮ ᠨᠢ ᠰᠦᠮ᠎ᠠ ᠬᠡᠶᠢᠳ ᠠᠴᠠ ᠠᠷᠠᠳ ᠤᠨ ᠳᠤᠮᠳᠠ ᠳᠡᠯᠬᠡᠷᠡᠯ᠎ᠠ ᠬᠡᠳᠡᠭ ᠢ ᠨᠤᠳᠠᠳᠠᠢ ᠳᠤᠳᠤᠯᠠᠵᠦ  ᠪᠠᠶᠢᠯ᠎ᠠ᠃ ᠶᠢᠨ ᠳᠠᠩ ᠠᠪᠤᠭᠠᠢ ᠶᠢᠨ ᠪᠢᠴᠢᠭᠰᠡᠨ ᠨᠤᠮ ᠳᠤ ᠴᠤ ᠵᠦ ᠵᠦ ᠴᠠ ᠳᠡᠯᠡᠳᠦᠬᠦᠷ ᠬᠦᠭᠵᠢᠮ ᠢ ᠡᠷᠳᠡᠨ ᠤ  ᠮᠤᠩᠭᠤᠯ ᠤᠨ ᠪᠦᠬᠡ ᠮᠦᠷᠬᠦᠯ ᠤᠨ ᠱᠠᠰᠢᠨ ᠤ ᠬᠡᠩᠬᠡᠷᠭᠡᠨ ᠬᠦᠭᠵᠢᠮ ᠠᠴᠠ ᠢᠷᠡᠯᠳᠡᠢ᠃ ᠳᠡᠷᠡ ᠨᠢ ᠶᠤᠸᠠᠨ  ᠤᠯᠤᠰ ᠤᠨ ᠦᠶ᠎ᠠ ᠳᠤ ᠪᠦᠷᠢᠯᠳᠤᠵᠦ᠂ ᠮᠢᠩ ᠤᠨ ᠰᠡᠬᠦᠯᠴᠢ ᠴᠢᠩ ᠤᠨ ᠡᠬᠢ ᠪᠠᠷ ᠬᠦᠭᠵᠢᠨ᠂ ᠤᠷᠳᠤ ᠤᠳᠠᠭᠠᠨ  ᠳᠡᠦᠭᠡᠳᠤ ᠴᠠᠭ ᠬᠤᠭᠤᠴᠠᠭ᠎ᠠ ᠶᠢ ᠦᠩᠬᠡᠷᠡᠬᠦᠯᠦᠭᠰᠡᠨ ᠶᠤᠮ᠃ ᠴᠢᠩ ᠤᠯᠤᠰ ᠤᠨ ᠦᠶ᠎ᠠ ᠳᠤ ᠂ ᠬᠠᠷᠠᠴᠢᠨ  ᠨᠤᠷᠤᠨ ᠳᠤ ᠲᠦᠪᠡᠳ ᠠᠴᠠ ᠤᠯᠠᠮᠵᠢᠯᠠᠭᠰᠠᠨ ᠪᠤᠷᠬᠠᠨ ᠱᠠᠢᠨ ᠤ ᠡᠯ᠎ᠠ ᠰᠦᠮ᠎ᠠ ᠬᠡᠶᠢᠳ ᠠᠴᠠ ᠤᠯᠠᠮᠵᠢᠯᠠᠨ  ᠳᠡᠯᠬᠡᠷᠡᠵᠦ᠂ ᠵᠦ ᠵᠦ ᠴᠠ ᠳᠡᠯᠡᠳᠦᠬᠦᠷ ᠬᠦᠭᠵᠢᠮ ᠢ ᠤᠯᠠᠮ ᠨᠢᠬᠡ ᠠᠯᠬᠤᠮ ᠬᠦᠭᠵᠢᠬᠦᠯᠦᠨ᠂ ᠨᠢᠬᠡᠨᠳᠡ ᠬᠡᠳᠤᠨ  ᠵᠠᠭᠤᠨ ᠵᠢᠯ ᠤᠨ ᠳᠡᠦᠬᠡ ᠲᠠᠢ ᠪᠤᠯᠤᠭᠰᠠᠨ ᠪᠠᠶᠢᠨ᠎ᠠ᠃ ᠨᠢᠩᠴᠧᠩ ᠰᠢᠶᠠᠨ ᠤ ᠮᠠᠷᠠᠳᠤ ᠶᠢᠨ ᠦᠯᠵᠡᠶᠢᠳᠤ ᠨᠤᠮ ᠤᠨ  ᠬᠦᠷᠳᠦᠳᠤ ᠰᠦᠮ᠎ᠠ᠂ ᠷᠠᠰᠢᠶᠠᠨ ᠤ ᠶᠡᠭᠡ ᠬᠦᠯᠬᠡᠨ ᠰᠦᠮ᠎ᠠ᠂ ᠲᠤᠤᠷ᠎ᠠ ᠬᠤᠷᠤᠭ᠎ᠠ ᠶᠢᠨ ᠡᠷᠬᠢ ᠶᠢᠨ ᠠᠶᠢᠯ ᠤᠨ  ᠡᠬᠦᠷᠢᠳᠡ ᠳᠡᠬᠦᠰ ᠨᠤᠮ ᠤᠨ ᠬᠦᠷᠳᠦᠬᠦ ᠰᠦᠮ᠎ᠠ ᠵᠡᠷᠭᠡ ᠲᠦᠪᠡᠳ ᠠᠴᠠ ᠤᠯᠠᠮᠵᠢᠯᠠᠭᠰᠠᠨ ᠪᠤᠷᠬᠠᠨ ᠱᠠᠰᠢᠨ ᠤ  ᠰᠦᠮ᠎ᠠ ᠬᠡᠶᠢᠳ ᠢᠶᠠᠷ ᠦᠷᠬᠡᠨ ᠢᠶᠠᠷ ᠬᠡᠷᠡᠭᠯᠡᠵᠦ ᠪᠠᠶᠢᠵᠠᠢ᠃ ᠤᠳᠤ ᠴᠤ ᠬᠡᠰᠡᠨ ᠵᠠᠷᠢᠮ ᠬᠦᠮᠦᠰ ᠬᠡᠩᠬᠡᠷᠭᠡ  ᠳᠡᠯᠡᠳᠬᠦ ᠪᠠᠨ ︽ᠨᠤᠮ ᠤᠩᠰᠢᠬᠤ︾ ᠬᠡᠮᠡᠨ ᠬᠡᠯᠡᠳᠡᠭ ᠬᠡᠵᠦ ᠳᠡᠮᠳᠡᠭᠯᠡᠵᠦᠪᠠᠶᠢᠪᠠ᠃ ᠪᠢᠳᠡ ᠭᠠᠩᠭ᠎ᠠ ᠭᠠᠴᠠᠭᠠᠨ ᠤ  ᠨᠤᠮ ᠤᠨ ᠬᠦᠷᠳᠦᠳᠦ ᠪᠢᠰᠢᠯᠭᠠᠯ ᠤᠨ ᠰᠦᠮ ᠎ᠠ ᠳᠤ ᠬᠦᠷᠴᠤ 80 ᠨᠠᠰᠤᠳᠠᠢ ᠪᠠᠳᠮᠠᠷᠢᠨᠴᠢᠨ ᠯᠠᠮ᠎ᠠ ᠠᠴᠠ  ᠰᠤᠷᠪᠤᠯᠵᠢᠯᠠᠭ᠎ᠠ ᠠᠪᠤᠬᠰᠠᠨ ᠳᠤ᠂ ︽10 ᠨᠠᠰᠤᠳᠠᠢ ᠠᠴᠠ ᠡᠬᠢᠯᠡᠨ ᠰᠦᠮ᠎ᠠ ᠳᠤ ᠪᠠᠨᠳᠢ ᠪᠤᠯᠤᠭᠰᠠᠨ ᠤ ᠳᠠᠷᠠᠭ᠎ᠠ ᠵᠦ  ᠵᠦ ᠴᠠ ᠳᠡᠯᠡᠳᠦᠬᠦᠷ ᠬᠦᠭᠵᠢᠮ ᠢ ᠲᠡᠯᠡᠳᠴᠦ ᠰᠤᠷᠴᠠᠢ᠃ ᠰᠦᠮ᠎ᠠ ᠶᠢᠨ ᠪᠤᠷᠬᠠᠨ ᠳᠠᠭᠠᠨ ᠬᠦᠭᠵᠢᠮ ᠪᠠᠷᠢᠳᠠᠭ ᠬᠡᠵᠦ  ᠪᠠᠭᠰᠢ ᠯᠠᠮ᠎ᠠ ᠬᠡᠯᠡᠳᠡᠭ ᠪᠠᠶᠢᠭᠰᠠ᠃ ᠵᠠᠷᠢᠮ ᠳᠠᠭᠠᠨ ᠠᠷᠠᠳ ᠤᠨ ᠬᠡᠷ ᠲᠤ ᠬᠦᠷᠴᠤ ᠭᠠᠢ ᠪᠠᠷᠴᠢᠳ ᠢ ᠨᠢ ᠠᠷᠢᠯᠭᠠᠵᠦ  ᠪᠠᠶᠢᠨ᠎ᠠ ᠬᠡᠵᠦ ᠳᠡᠯᠡᠳᠤᠨ ᠬᠦᠭᠵᠢᠮᠳᠦᠳᠡᠭ︾ ᠬᠡᠯ᠎ᠠ᠃ ᠬᠡᠪᠡᠴᠤ ᠳᠡᠷᠡ ᠦᠶ᠎ᠠ ᠳᠤ ᠴᠢᠩᠭ᠎ᠠ ᠪᠠᠭᠰᠢ ᠶᠢᠨ ᠬᠠᠳᠠᠭᠤ  ᠰᠤᠷᠭᠠᠯ ᠢᠶᠠᠷ ᠨᠤᠮ ᠰᠤᠷᠴᠤ ᠪᠠᠶᠢᠭᠰᠠᠨ ᠪᠠᠳᠮᠠᠷᠢᠨᠴᠢᠨ ᠯᠠᠮ᠎ᠠ ᠡᠨᠡᠬᠦ ᠵᠦ ᠵᠦ ᠴᠠ ᠬᠦᠭᠵᠢᠮ ᠨᠢ ᠴᠤᠬᠤᠮ ᠬᠡᠷᠬᠢᠨ  ᠡᠬᠦᠰᠴᠤ ᠢᠷᠡᠭᠰᠡᠨ᠂ ᠶᠠᠮᠠᠷ ᠤᠳᠬ᠎ᠠ ᠤᠴᠢᠷ ᠠᠴᠠ ᠳᠡᠯᠡᠳᠦᠳᠡᠭ ᠬᠡᠳᠡᠭ ᠢ ᠬᠠᠷᠠᠬᠠᠨ ᠨᠠᠷᠢᠯᠢᠭ ᠠᠰᠠᠭᠤᠵᠦ  ᠰᠤᠷᠠᠭᠰᠠᠨ ᠦᠬᠡᠢ ᠨᠢ ᠬᠠᠷᠠᠮᠰᠠᠯᠳᠠᠢ᠃ ᠰᠦᠮ᠎ᠠ ᠳᠤ ᠳᠡᠯᠡᠳᠤᠳᠡᠭ ᠵᠦ ᠵᠦ ᠴᠠ ᠳᠡᠯᠡᠳᠦᠬᠦᠷ ᠬᠦᠭᠵᠢᠮ ᠤᠨ ᠪᠠᠭᠠᠵᠢ  ᠬᠡᠷᠡᠭᠰᠡᠯ ᠨᠢ ᠬᠠᠷᠢᠨ ᠠᠷᠠᠳ ᠤᠨ ᠳᠤᠮᠳᠠ ᠬᠡᠷᠡᠭᠯᠡᠵᠦ ᠪᠠᠶᠢᠬᠤ ᠬᠦᠭᠵᠢᠮ ᠤᠨ ᠬᠡᠷᠡᠭᠰᠡᠯ ᠠᠴᠠ ᠢᠯᠡᠬᠦᠦ ᠠᠷᠪᠢᠨ᠃  ᠳᠡᠯᠡᠳᠦᠨ ᠴᠤᠬᠢᠬᠤ ᠠᠴᠠ ᠭᠠᠳᠠᠨ᠎ᠠ ᠯᠢᠩᠪᠦ ᠵᠡᠷᠬᠡ ᠦᠯᠢᠶᠡᠬᠦ ᠬᠦᠭᠵᠢᠮ ᠤᠨ ᠬᠡᠷᠡᠭᠰᠡᠯ ᠴᠤ ᠪᠠᠶᠢᠨ᠎ᠠ᠃ ᠳᠡᠳᠡᠨ ᠤ  ᠳᠡᠯᠡᠳᠦᠬᠦ ᠶᠢ ᠰᠤᠨᠤᠰᠬᠤ ᠳᠤ ᠮᠦᠨ ᠴᠤ ᠲᠦᠷᠬᠡᠨ ᠮᠦᠷᠳᠡᠭᠡᠨ ᠡᠷᠴᠢᠮᠯᠢᠭ ᠪᠠᠶᠢᠯ᠎ᠠ᠃ ᠬᠡᠪᠡᠴᠤ ᠬᠠᠶᠠ ᠳᠠᠭᠠᠨ  ᠯᠢᠩᠪᠦ ᠵᠡᠷᠬᠡ ᠬᠦᠭᠵᠢᠮ ᠢᠶᠠᠨ ᠦᠯᠢᠶᠡᠳᠡᠭ ᠠᠴᠠ ᠠᠶᠠᠰ ᠨᠢ ᠵᠢᠭᠠᠬᠠᠨ ᠠᠳᠠᠯᠢ ᠦᠬᠡᠢ ᠪᠠᠶᠢᠪᠠ᠃      ᠦᠯᠡᠳᠡᠭᠳᠡᠵᠦ  ᠬᠤᠴᠤᠷᠤᠭᠰᠠᠨ ᠵᠦ ᠵᠦ ᠴᠠ ᠳᠡᠯᠡᠳᠦᠬᠦᠷ ᠬᠦᠭᠵᠢᠮ ᠤᠨ ᠨᠤᠲ ᠶᠢᠨ ᠬᠠᠭᠤᠯᠤᠮᠠᠯ ᠳᠡᠭᠡᠷ᠎ᠠ  ᠬᠠᠷᠢᠨ ︽ᠵᠢᠦ ᠵᠢᠦ ᠴᠢᠶᠠ︾ ᠬᠡᠵᠦ ᠳᠡᠮᠳᠡᠭᠯᠡᠵᠦ ᠪᠠᠶᠢᠭᠰᠠᠨ ᠢ ᠵᠢᠩ ᠳᠠᠩ ᠠᠪᠤᠭᠠᠢ ᠠᠴᠠ ᠠᠰᠠᠭᠤᠬᠤ ᠳᠤ᠂  ᠡᠷᠳᠡ ᠳᠡᠭᠡᠨ ︽ᠵᠢᠦ ᠵᠢᠦ ᠴᠢᠶᠠ︾ ᠬᠡᠵᠦ ᠪᠠᠶᠢᠭᠰᠠᠨ ᠬᠡᠷᠡᠴᠢ ᠳᠤᠳᠤᠷᠬᠠᠢ ᠪᠠᠶᠢᠨ᠎ᠠ᠃ ᠬᠡᠪᠡᠴᠤ ᠤᠳᠤᠬᠠᠨ ᠤ  ᠮᠠᠨ ᠤ ᠤᠷᠤᠨ ᠳᠤ ᠪᠦᠷ ︽ᠵᠦ ᠵᠦ ᠴᠠ︾ ᠬᠡᠵᠦ ᠬᠡᠯᠡᠬᠦ ᠪᠤᠯᠤᠭᠰᠠᠨ ᠨᠢ ᠪᠠᠷᠤᠭ ᠬᠡᠯᠡᠨ ᠤ ᠬᠤᠪᠢᠷᠠᠯ ᠠᠴᠠ  ᠪᠤᠯᠤᠭᠰᠠᠨ ᠪᠠᠶᠢᠬ᠎ᠠ ᠬᠡᠪᠡ᠃      ᠰᠤᠷᠪᠤᠯᠵᠢᠯᠠᠭ᠎ᠠ ᠦᠨᠳᠦᠷᠯᠡᠬᠦ ᠪᠠᠷ ᠶᠢᠨ ᠳᠠᠩ ᠠᠪᠤᠭᠠᠢ᠂ ᠵᠦ ᠵᠦ ᠴᠠ ᠳᠡᠯᠡᠳᠦᠬᠦᠷ ᠬᠦᠭᠵᠢᠮ ᠨᠢ ᠬᠠᠷᠠᠴᠢᠨ  ᠨᠤᠳᠤᠭ ᠲᠤ ᠤᠯᠠᠮᠵᠢᠯᠠᠭᠳᠠᠨ ᠦᠯᠡᠳᠡᠭᠰᠡᠨ ᠬᠡᠪ ᠨᠠᠮᠪᠠ ᠪᠠᠷ ᠦᠪᠡᠷᠮᠢᠴᠡ᠂ ᠬᠡᠩᠬᠡᠷᠡᠭᠡᠨ ᠤ ︽ᠳ᠋ᠥ᠋ᠩ ᠳ᠋ᠥ᠋ᠩ︾  ᠳᠠᠭᠤ ᠪᠤᠯᠤᠨ ᠭᠠᠤᠯᠢᠨ ᠪᠠᠭᠠᠵᠢ ᠶᠢᠨ ︽ᠴᠢᠶᠠᠩ ᠴᠢᠶᠠᠩ︾ ᠳᠠᠭᠤ ᠨᠢ ᠨᠡᠶᠢᠯᠡᠨ ᠭᠤᠶᠢᠳᠠ ᠰᠠᠶᠢᠬᠠᠨ ᠠᠶᠠᠰ  ᠭᠠᠷᠭᠠᠨ᠂ ᠡᠷᠳᠡᠨ ᠤ ᠬᠦᠮᠦᠰ ᠤᠨ ᠳᠡᠯᠡᠳᠦᠬᠦᠷ ᠬᠦᠭᠵᠢᠮ ᠤᠨ ᠳᠠᠯ᠎ᠠ ᠪᠠᠷ ᠬᠢ ᠨᠠᠷᠢᠯᠢᠭ ᠰᠠᠶᠢᠬᠠᠨ ᠰᠡᠳᠬᠢᠯᠳᠡ ᠪᠠ  ᠤᠶᠤᠨ ᠪᠢᠯᠢᠭ ᠢ ᠬᠦᠢᠴᠡᠳ ᠢᠯᠡᠷᠡᠬᠦᠯᠦᠭᠰᠡᠨ ᠤᠷᠠᠯᠢᠭ ᠰᠤᠶᠤᠯ ᠪᠤᠯᠬᠤ ᠶᠤᠮ᠃ ᠡᠨᠡᠬᠦ ᠳᠡᠯᠳᠦᠬᠦᠷ ᠬᠦᠭᠵᠢᠮ ᠨᠢ  ᠨᠢᠬᠡ ᠵᠦᠢᠯ ᠤᠨ ᠤᠳᠬ᠎ᠠ ᠠᠭᠤᠯᠭ᠎ᠠ ᠠᠴᠠ ᠦᠵᠡᠬᠦ ᠳᠤ ︽ᠨᠤᠮ ᠤᠨ ᠬᠤᠷᠠᠯ ᠤᠨ ᠬᠡᠷᠡᠭᠰᠡᠯ︾ ᠬᠦᠭᠵᠢᠮ  ᠪᠤᠯᠬᠤ ᠪᠠᠷ ᠪᠠᠷᠠᠬᠤ ᠦᠬᠡᠢ ᠨᠢᠬᠡ ᠵᠦᠢᠯ ᠤᠨ ᠰᠤᠶᠤᠯ ᠤᠨ ᠬᠦᠭᠵᠢᠮ ᠪᠤᠯᠤᠨ᠎ᠠ᠃ ᠡᠨᠡᠬᠦ ᠳᠡᠯᠡᠳᠦᠬᠦᠷ ᠬᠦᠭᠵᠢᠮ ᠤᠨ  ᠳᠤᠬᠠᠢ ᠰᠤᠳᠤᠯᠭᠠᠨ ᠳᠡᠮᠡᠢ ᠬᠦᠨᠵᠡᠬᠡᠢ ᠪᠤᠯᠤᠭ᠎ᠠ ᠦᠬᠡᠢ᠃ ᠤᠳᠤᠬᠠᠨ ᠳᠤ ︽ᠨᠢᠩᠴᠩ ᠰᠢᠶᠠᠨ ᠤ ᠵᠦ ᠵᠦ ᠴᠠ  ᠦᠨᠳᠦᠰᠦᠳᠡᠨ ᠤ ᠤᠯᠠᠮᠵᠢᠯᠠᠯᠳᠤ ᠳᠡᠯᠳᠦᠬᠦᠷ ᠬᠦᠭᠵᠢᠮ ᠤᠨ ᠰᠤᠳᠤᠯᠭᠠᠨ ᠤ ᠨᠡᠶᠢᠬᠡᠮᠯᠢᠭ︾ ᠪᠠᠶᠢᠭᠤᠯᠤᠭᠳᠠᠭᠠᠳ ᠪᠤᠢ  ᠃ ᠵᠦ ᠵᠦ ᠴᠠ ᠳᠡᠯᠡᠳᠦᠬᠦᠷ ᠬᠦᠭᠵᠢᠮ ᠤᠨ ᠬᠡᠬᠡᠭᠳᠡᠯ ᠦᠬᠡᠢ ᠦᠷᠬᠦᠯᠵᠢᠯᠡᠨ ᠤᠯᠠᠮᠵᠢᠯᠠᠭᠳᠠᠬᠤ ᠵᠢᠴᠢ ᠵᠤ᠋ ᠵᠤ᠋ ᠴᠠ  ᠲᠡᠯᠡᠳᠦᠬᠦᠷ ᠬᠦᠭᠵᠢᠮ ᠤᠨ ᠲᠤᠬᠠᠢ ᠰᠤᠳᠤᠯᠭᠠᠨ ᠨᠡᠩ ᠬᠦᠨᠵᠡᠬᠡᠶᠢᠷᠡᠬᠦ ᠶᠢ ᠬᠦᠰᠡᠵᠦ ᠪᠠᠶᠢᠨ᠎ᠠ ᠬᠡᠯ᠎ᠠ᠃    
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号