| 1᠂ ᠦᠷᠯᠦᠭᠡ ᠰᠡᠷᠢᠪᠡᠯ ᠤᠷᠢᠳᠠᠪᠡᠷ ᠤᠷᠤ ᠲᠡᠭᠡᠷ᠎ᠠ ᠪᠠᠨ ᠲᠡᠭᠡᠭᠰᠢ ᠪᠠᠨ ᠬᠠᠷᠠᠨ ᠭᠡᠪᠳᠡᠵᠤ ᠲᠦᠷᠪᠡᠨ ᠮᠦᠴᠢ | ᠪᠤᠯᠤᠨ ᠲᠤᠯᠤᠭᠠᠢ ᠪᠠᠨ ᠬᠦᠳᠡᠯᠭᠡᠨᠠ᠃ ᠢᠡᠭᠬᠢᠪᠡᠯ ᠴᠢᠰᠤᠨ ᠲᠠᠷᠤᠯᠳᠠ ᠶᠢ ᠰᠡᠷᠭᠡᠶᠢᠯᠡᠵᠤ᠂ ᠲᠤᠯᠤᠭᠠᠠᠢ | ᠡᠪᠡᠳᠬᠦ ᠠᠴᠠ ᠵᠠᠶᠢᠯᠠᠰᠬᠢᠵᠤ ᠴᠢᠳᠠᠨ᠎ᠠ᠃ | 2᠂ ᠪᠡᠶ᠎ᠡ ᠪᠠᠨ ᠤᠬᠢᠶᠠᠬᠤ ᠳᠠᠭᠠᠨ ᠤᠰᠤᠨ ᠤ ᠲᠤᠯᠠᠭᠠᠨ ᠢ ᠡᠬᠢᠯᠡᠭᠡᠳ 30 — 35 ᠪᠠᠶᠢᠯᠭᠠᠵᠤ ᠴᠢᠰᠤᠨ | ᠰᠤᠳᠠᠰᠤ ᠶᠢᠨ ᠭᠡᠨᠡᠳᠳᠡ ᠠᠪᠴᠢᠬᠤ ᠠᠴᠠ ᠰᠡᠷᠭᠡᠶᠢᠯᠡᠵᠤ᠂ ᠴᠢᠰᠤᠨ ᠲᠠᠷᠤᠯᠳᠠ ᠶᠢᠨ ᠲᠤᠬᠳᠠᠭᠤᠨ ᠪᠠᠶᠢᠬᠤ ᠶᠢ | ᠪᠠᠳᠤᠯᠠᠨ᠎ᠠ᠃ | 3᠂ ᠦᠷᠯᠦᠭᠡ ᠪᠤᠰᠤᠮᠠᠬᠴᠠ ᠨᠢᠭᠡ ᠴᠤᠮᠤ ᠪᠤᠴᠠᠯᠤᠬᠰᠠᠨ ᠤᠰᠤ ᠤᠤᠭᠤᠪᠠᠯ᠂ ᠴᠢᠰᠤᠨ ᠳᠠᠬᠢ ᠨᠢᠯᠴᠠᠭᠠᠢ | ᠡᠳ᠋ ᠤᠨ ᠭᠡᠮᠵᠢᠶ᠎ᠠ ᠶᠢ ᠪᠠᠭᠠᠰᠬᠠᠵᠤ ᠴᠢᠰᠤᠨ ᠤ ᠡᠷᠬᠢᠯᠳᠡ ᠶᠢ ᠰᠠᠶᠢᠵᠢᠷᠠᠭᠤᠯᠬᠤ ᠪᠤᠯᠤᠨ᠎ᠠ᠃ | 4᠂ ᠵᠤᠬᠢᠰᠳᠠᠢ ᠲᠠᠮᠢᠷ ᠤᠨ ᠬᠦᠳᠡᠯᠭᠡᠭᠡᠨ ᠬᠢᠵᠤ᠂ ᠪᠡᠶ᠎ᠡ ᠪᠠᠨ ᠪᠤᠯᠪᠠᠰᠤᠷᠠᠬᠤ ᠨᠢ ᠴᠢᠰᠤᠨ ᠡᠷᠭᠢᠯᠳᠡ ᠶᠢ | ᠰᠠᠶᠢᠵᠢᠷᠠᠭᠤᠯᠳᠠᠬ᠃ | 5᠂ ᠮᠢᠬ᠎ᠠ ᠲᠤᠰᠤ ᠪᠠᠭ᠎ᠠ ᠰᠢᠬ᠂ ᠲᠠᠪᠤᠰᠤ ᠪᠠᠭ᠎ᠠ ᠰᠢᠬ ᠢᠳᠡᠪᠡᠯ ᠵᠤᠬᠢᠨ᠎ᠠ᠃ | 6᠂ ᠦᠳᠡ ᠳᠤ ᠪᠠᠭ᠎ᠠ ᠤᠨᠳᠠᠵᠤ ᠪᠡᠶ᠎ᠡ ᠪᠠᠨ ᠠᠮᠠᠷᠠᠭᠤᠯᠬᠤ ᠨᠢ ᠴᠢᠰᠤᠨ ᠲᠠᠷᠤᠯᠳᠠ ᠶᠢ ᠪᠠᠭᠤᠷᠠᠭᠤᠯᠬᠤ ᠳᠤ | ᠠᠰᠢᠬᠳᠠᠢ᠃ | 7᠂ ᠤᠷᠤᠢ ᠤᠨᠳᠠᠬᠤ ᠠᠴᠠ ᠡᠮᠦᠨ᠎ᠠ ᠬᠦᠯ ᠢᠶᠠᠨ ᠪᠦᠯᠢᠶᠡᠨ ᠤᠰᠤᠨ ᠳᠤ ᠲᠡᠪᠳᠦᠭᠡᠬᠦ ᠶᠢ ᠪᠦᠬᠦ ᠪᠡᠶ᠎ᠡ ᠶᠢᠨ | ᠴᠢᠰᠤᠨ ᠡᠷᠭᠢᠯᠳᠡ ᠶᠢ ᠲᠦᠷᠭᠡᠳᠭᠡᠳᠡᠭ᠃ | 8᠂ ᠠᠭᠠᠰᠢ ᠵᠠᠩ ᠢᠶᠠᠨ ᠲᠤᠬᠳᠠᠭᠤᠨ ᠲᠠᠯᠪᠢᠭᠤᠨ ᠪᠠᠶᠢᠯᠭᠠᠬᠤ ᠭᠡᠷᠡᠭᠳᠡᠢ᠃ ᠠᠭᠤᠷᠯᠠᠬᠤ ᠪᠤᠶᠤ ᠪᠠᠴᠢᠮᠳᠠᠬᠤ ᠨᠢ | ᠪᠦᠷ ᠴᠤ ᠪᠡᠶ᠎ᠡ ᠳᠠᠬᠢ ᠡᠯ᠎ᠠ ᠵᠦᠢᠯ ᠤᠨ ᠬᠤᠷᠮᠤᠨ ᠢ ᠭᠡᠴᠢᠨᠡᠨ ᠲᠡᠬᠢᠨ ᠢᠶᠠᠷ ᠦᠰᠭᠡᠵᠤ᠂ ᠴᠢᠰᠤ ᠶᠢ | ᠵᠠᠩᠬᠢᠷᠠᠭᠤᠯᠬᠤ ᠠᠴᠠ ᠪᠤᠯᠵᠤ ᠴᠢᠰᠤᠨ ᠲᠠᠷᠤᠯᠳᠠ ᠶᠢ ᠦᠨᠳᠦᠷᠵᠢᠬᠦᠯᠵᠤ ᠮᠡᠳᠡᠨ᠎ᠠ᠃ |