ᠭᠡᠤᠭᠡᠨᠴᠤᠳ ᠤᠨ ᠡᠭᠡ ᠠᠴᠠ ᠪᠠᠨ ᠤᠳᠤᠮᠯᠠᠬᠤ 9 ᠵᠦᠢᠯ ᠤᠨ ᠡᠪᠡᠳᠴᠢᠨ
ᠨᠡᠶᠢᠲᠡᠯᠡᠭᠰᠡᠨ ᠴᠠᠭ᠄
2017/4/10
    ᠠᠮᠧᠷᠢᠺᠠ ᠶᠢᠨ ︽ᠡᠳᠦᠷ ᠪᠦᠷᠢ ᠶᠢᠨ ᠡᠮᠨᠡᠯᠭᠡ ᠶᠢᠨ ᠮᠡᠳᠡᠭᠡ︾ ᠰᠦᠯᠵᠢᠶᠡᠨ ᠤ ᠦᠷᠳᠡᠭᠡ ᠤᠢᠢᠷ᠎ᠠ ᠳᠤ ᠭᠡᠤᠭᠡᠨᠴᠤᠤᠯ ᠤᠨ ᠡᠭᠡ ᠠᠴᠠ ᠪᠠᠨ ᠤᠳᠤᠮᠯᠠᠵᠤ ᠮᠡᠳᠡᠬᠦ 9 ᠵᠦᠢᠯ ᠤᠨ ᠡᠪᠡᠳᠴᠢᠨ ᠢ ᠳ᠋ᠦᠡᠭᠨᠡᠪᠡ᠄    ᠬᠦᠬᠦᠨ ᠪᠤᠯᠴᠢᠷᠬᠠᠢ ᠶᠢᠨ ᠦᠮᠠᠨ ᠪᠠ ᠦᠨᠳᠡᠭᠡᠪᠴᠢ ᠶᠢᠨ ᠦᠮᠠᠨ᠄ ᠠᠩᠭ᠍ᠯᠢ ᠶᠢᠨ ᠡᠮᠦᠨ᠎ᠠ ᠺᠠᠶᠢᠫᠦ᠋ᠳᠦ᠋ᠨ ᠶᠡᠭᠡ ᠰᠤᠷᠭᠠᠭᠤᠯᠢ ᠶᠢᠨ ᠰᠤᠳᠤᠯᠭᠠᠳᠠᠳ ᠤᠨ ᠤᠯᠵᠤ ᠮᠡᠳᠡᠭᠰᠡᠨ ᠢᠶᠠᠷ᠂ ᠡᠭᠡ ᠨᠢ ᠭᠡᠷᠪᠡ ᠰᠠᠷ᠎ᠠ ᠶᠢᠨ ᠭᠭᠢᠷ ᠨᠢ ᠵᠤᠬᠰᠤᠬᠤ ᠠᠴᠠ ᠡᠮᠦᠨ᠎ᠠ ᠬᠦᠬᠦᠨ ᠪᠤᠯᠴᠢᠷᠬᠠᠢ ᠶᠢᠨ ᠦᠮᠠᠨ ᠤᠯᠤᠬᠰᠠᠨ ᠪᠤᠯ ᠬᠡᠤᠭᠡᠨ ᠤ ᠬᠢᠨᠢ ᠬᠦᠬᠦᠨ ᠪᠤᠯᠴᠢᠷᠬᠠᠢ ᠶᠢᠨ ᠦᠮᠠᠨ ᠪᠠ ᠦᠨᠳᠡᠭᠡᠪᠴᠢ ᠶᠢᠨ ᠦᠮᠠᠨ ᠳᠤ ᠨᠡᠷᠪᠡᠭᠳᠡᠬᠦ ᠪᠤᠯᠤᠮᠵᠢ ᠨᠢ ᠨᠡᠩ ᠶᠡᠭᠡ᠃    ᠲᠠᠯ᠎ᠠ ᠲᠤᠯᠤᠭᠠᠢ ᠡᠪᠡᠳᠬᠦ᠄ ᠰᠤᠳᠤᠯᠭᠠᠳᠠᠳ ᠤᠨ ᠢᠯᠡᠷᠡᠭᠦᠯᠦᠭᠰᠡᠨ ᠢᠶᠠᠷ᠂ ᠡᠭᠡ ᠨᠢ ᠲᠠᠯ᠎ᠠ ᠲᠤᠯᠤᠭᠠᠢ ᠡᠪᠡᠳᠳᠡᠭ ᠭᠡᠮ ᠲᠠᠢ ᠪᠤᠯ ᠭᠡᠤᠭᠡᠨ ᠨᠢ ᠡᠶᠢᠮᠦᠷᠬᠦ ᠡᠪᠡᠳᠴᠢᠨ ᠲᠠᠢ ᠪᠤᠯᠬᠤ ᠨᠤᠷᠮ᠎ᠠ ᠪᠤᠰᠤᠳ ᠬᠦᠮᠦᠰ ᠠᠴᠠ 2 — 3 ᠲᠠᠬᠢᠨ ᠦᠨᠳᠦᠷ ᠪᠠᠶᠢᠵᠤ᠂ ᠡᠭᠡ ᠨᠢ ᠠᠩᠬ᠎ᠠ ᠡᠬᠢᠯᠡᠵᠤ ᠡᠪᠡᠳᠦᠭᠰᠡᠨ ᠨᠢ 17 ᠨᠠᠰᠤᠨ ᠠᠴᠠ ᠡᠮᠦᠨ᠎ᠠ ᠮᠦᠷᠳᠡᠭᠡᠨ ᠢᠯᠡᠷᠡᠯ ᠨᠢ ᠬᠦᠨᠳᠦ ᠪᠤᠯ ᠭᠡᠤᠭᠡᠨ ᠤ ᠬᠢᠨᠢ ᠨᠡᠷᠪᠡᠭᠳᠡᠬᠦ ᠨᠤᠷᠮ᠎ᠠ ᠨᠡᠩ ᠦᠨᠳᠦᠷ᠃    ᠶᠠᠰᠤ ᠰᠡᠶᠢᠷᠡᠭᠵᠢᠬᠦ᠄ ᠶᠠᠫᠤᠨ ᠤ ᠰᠤᠳᠤᠯᠭᠠᠳᠠᠳ ᠤᠨ ᠦᠵᠡᠬᠦ ᠪᠠᠷ᠂ ᠡᠭᠡ ᠶᠢᠨ ᠬᠢᠨᠢ ᠶᠠᠰᠤᠨ ᠤ ᠨᠢᠬᠳᠠᠴᠠ ᠨᠡᠯᠢᠶᠡᠳ ᠲᠤᠤᠷ᠎ᠠ ᠪᠤᠯ ᠭᠡᠤᠭᠡᠨ ᠤ ᠬᠢᠨᠢ ᠶᠠᠰᠤ ᠰᠡᠶᠢᠷᠡᠭᠵᠢᠬᠦ ᠨᠤᠷᠮ᠎ᠠ ᠲᠠᠬᠢᠨ ᠢᠶᠠᠷ ᠦᠨᠳᠦᠷ ᠪᠠᠶᠢᠳᠠᠬ᠃ ᠭᠠᠷᠠᠬ ᠪᠦᠷᠢ 2 — 3 ᠤᠳᠠᠭ᠎ᠠ ᠬᠦᠴᠦ ᠲᠠᠮᠢᠷ ᠤᠨ ᠪᠤᠯᠪᠠᠰᠤᠷᠠᠯ ᠬᠢᠬᠦ ᠪᠠ ᠬᠦᠴᠢᠯᠳᠦ᠋ᠷᠦᠭᠴᠢᠳᠦ ᠬᠦᠳᠡᠯᠭᠡᠭᠡᠨ ᠬᠢᠪᠡᠯ ᠶᠠᠰᠤᠨ ᠤ ᠨᠢᠬᠳᠠᠴᠠ ᠶᠢ ᠨᠡᠮᠡᠭᠳᠡᠬᠦᠯᠳᠡᠭ᠃    ᠦᠶ᠎ᠠ ᠭᠡᠰᠢᠬᠦᠦ ᠶᠢᠨ ᠦᠷᠪᠢᠰᠦᠯ᠄ ᠠᠮᠧᠷᠢᠺᠠ ᠶᠢᠨ ᠸᠠᠰᠢᠩᠲ᠋ᠤᠨ ᠳᠠᠬᠢ ᠦᠶ᠎ᠠ ᠭᠡᠰᠢᠬᠦᠦ ᠶᠢᠨ ᠡᠪᠡᠳᠴᠢᠨ ᠤ ᠲᠤᠰᠬᠠᠢ ᠮᠡᠷᠭᠡᠵᠢᠯᠳᠡᠳ ᠤᠨ ᠤᠯᠵᠤ ᠮᠡᠳᠡᠭᠰᠡᠨ ᠢᠶᠠᠷ᠂ ᠭᠡᠷᠦᠬᠦ ᠴᠢᠨᠠᠷᠳᠠᠢ ᠦᠶ ᠎ᠠ ᠭᠡᠰᠢᠬᠦᠦ ᠶᠢᠨ ᠦᠷᠪᠢᠰᠦᠯ᠂ ᠭᠠᠷ ᠤᠨ ᠠᠯᠠᠭ᠎ᠠ ᠶᠢᠨ ᠦᠶ᠎ᠠ ᠭᠡᠰᠢᠬᠦᠦ ᠶᠢᠨ ᠦᠷᠪᠢᠰᠦᠯ ᠤᠯᠠᠩᠬᠢ ᠳᠠᠭᠠᠨ ᠤᠳᠤᠮᠯᠠᠯ ᠠᠴᠠ ᠪᠤᠯᠳᠠᠬ᠂ ᠭᠡᠶ᠎ᠠ ᠡᠪᠦᠳᠦᠭ ᠤᠨ ᠶᠠᠰᠤᠨ ᠤ ᠦᠶ᠎ᠠ ᠭᠡᠰᠢᠬᠦᠦ ᠶᠢᠨ ᠦᠷᠪᠢᠰᠦᠯ ᠪᠡᠶ᠎ᠠ ᠶᠢᠨ ᠬᠦᠨᠳᠦ ᠪᠠ ᠲᠠᠮᠢᠷ ᠤᠨ ᠬᠦᠳᠡᠯᠭᠡᠭᠡᠨ ᠠᠴᠠ ᠪᠤᠯᠵᠤ ᠨᠡᠷᠪᠡᠭᠳᠡᠬᠦ ᠨᠢ ᠠᠷᠪᠢᠨ᠃    ᠰᠢᠳᠦ ᠬᠤᠷᠤᠬᠠᠢᠢᠳᠤᠬᠤ ᠪᠠ ᠪᠦᠢᠯᠡ ᠶᠢᠨ ᠡᠪᠡᠳᠴᠢᠨ᠄ ᠰᠤᠳᠤᠯᠭᠠᠨ ᠳᠤ ᠤᠯᠵᠤ ᠮᠡᠳᠡᠭᠰᠡᠨ ᠢᠶᠠᠷ᠂ 45% ᠤᠨ ᠰᠢᠳᠦ ᠬᠤᠷᠤᠬᠠᠢᠢᠳᠤᠬᠤ ᠪᠠ 39% ᠤᠨ ᠪᠤᠶᠢᠯᠡ ᠶᠢᠨ ᠠᠰᠠᠭᠤᠳᠠᠯ ᠤᠳᠤᠮᠯᠠᠯ ᠠᠴᠠ ᠪᠤᠯᠳᠠᠬ᠂ ᠠᠮᠠᠨ ᠬᠦᠨᠳᠡᠢ ᠶᠢᠨ ᠡᠪᠡᠳᠴᠢᠨ ᠤᠨ ᠤᠳᠤᠮᠯᠠᠯ ᠲᠠᠢ ᠬᠦᠮᠦᠰ ᠨᠠᠭᠠᠳᠤ ᠵᠠᠬ᠎ᠠ ᠳᠠᠭᠠᠨ ᠬᠤᠶᠠᠷ ᠵᠢᠯ ᠳᠤ ᠨᠢᠭᠡ ᠤᠳᠠᠭ᠎ᠠ ᠰᠢᠳᠦ ᠪᠠᠨ ᠪᠠᠶᠢᠴᠠᠭᠠᠯᠭᠠᠵᠤ᠂ ᠡᠳᠦᠷ ᠪᠦᠷᠢ ᠬᠤᠶᠠᠷ ᠤᠳᠠᠭ᠎ᠠ ᠰᠢᠳᠦ ᠪᠠᠨ ᠱᠤᠸᠠᠰᠠᠳᠠᠬᠤ ᠶᠢᠨ ᠬᠠᠮᠳᠤ ᠠᠮᠠ ᠵᠠᠶᠢᠯᠬᠤ ᠤᠰᠤ ᠭᠡᠷᠡᠭᠯᠡᠵᠤ ᠪᠤᠯᠤᠨ᠎ᠠ᠃    ᠭᠠᠨᠭ᠍ᠰᠠᠷᠠᠬᠤ᠄ ︽ᠡᠩ ᠤᠨ ᠤᠶᠤᠨ ᠰᠠᠨᠠᠭᠠᠨ ᠤ ᠡᠪᠡᠳᠴᠢᠨ ᠤ ᠰᠤᠳᠤᠯᠤᠯ︾ ᠰᠡᠳᠬᠦᠯ ᠳᠤ ᠨᠡᠶᠢᠳᠡᠯᠡᠭᠰᠡᠨ ᠨᠢᠭᠡᠨ ᠰᠤᠳᠤᠯᠭᠠᠨ ᠤ ᠭᠡᠯᠡᠬᠦ ᠪᠠᠷ᠂ ᠭᠠᠨᠭ᠍ᠰᠠᠷᠠᠬᠤ ᠭᠡᠮ ᠤᠨ ᠤᠳᠤᠮᠯᠠᠬᠤ ᠨᠤᠷᠮ᠎ᠠ ᠨᠢ 40% ᠬᠦᠷᠳᠡᠭ᠃ ᠰᠤᠳᠤᠯᠭᠠᠳᠠᠳ ᠤᠨ ᠰᠠᠨᠠᠭᠤᠯᠬᠤ ᠪᠠᠷ᠂ ᠬᠦᠴᠢᠯᠳᠦ᠋ᠷᠦᠭᠴᠢᠳᠦ ᠬᠦᠳᠡᠯᠭᠡᠭᠡᠨ ᠢᠯᠡᠬᠦᠦ ᠬᠢᠵᠤ ᠡᠸᠦ᠋ᠮᠢᠭ᠎ᠠ 3 ᠦᠭᠡᠬᠦᠨ ᠬᠦᠴᠢᠯ ᠢᠯᠡᠬᠦᠦ ᠰᠢᠩᠭᠡᠭᠡᠪᠡᠯ ᠭᠠᠨᠭ᠍ᠰᠠᠷᠠᠯ ᠢ ᠠᠷᠢᠯᠭᠠᠬᠤ ᠳᠤ ᠲᠤᠰᠠᠳᠠᠢ᠃    ᠵᠢᠷᠦᠭᠡᠨ ᠡᠪᠡᠳᠴᠢᠨ᠄ ᠵᠢᠷᠦᠭᠡ ᠴᠢᠰᠤᠨ ᠰᠤᠳᠠᠯ ᠤᠨ ᠡᠪᠡᠳᠴᠢᠨ ᠤ ᠬᠠᠭᠠᠰ ᠡᠪᠡᠳᠴᠢᠯᠡᠬᠦ ᠡᠯᠧᠮᠧᠨ᠋ᠲ ᠨᠢ ᠤᠳᠤᠮᠯᠠᠯ ᠠᠴᠠ ᠪᠤᠯᠳᠠᠬ᠃ ᠡᠭᠡ ᠨᠢ ᠬᠡᠷᠪᠡ 65 ᠨᠠᠰᠤᠨ ᠠᠴᠠ ᠡᠮᠦᠨ᠎ᠠ ᠵᠢᠷᠦᠭᠡᠨ ᠡᠪᠡᠳᠴᠢᠨ ᠤᠯᠤᠬᠰᠠᠨ ᠪᠤᠯ ᠬᠡᠤᠭᠡᠨ ᠤ ᠬᠢᠨᠢ ᠵᠢᠷᠦᠭᠡᠨ ᠡᠪᠡᠳᠴᠢᠨ ᠳᠤ ᠨᠡᠷᠪᠡᠭᠳᠡᠬᠦ ᠨᠤᠷᠮ᠎ᠠ 25% — 30% ᠢᠶᠠᠷ ᠨᠡᠮᠡᠭᠳᠡᠳᠡᠭ᠃    ᠬᠦᠭᠰᠢᠷᠡᠯ ᠤᠨ ᠬᠤᠭᠤᠴᠠᠭᠠᠨ ᠤ ᠶᠡᠷᠦᠩᠭᠡᠶᠢᠯᠡᠭᠰᠡᠨ ᠭᠡᠮ᠄ 2400 ᠡᠮᠡᠭᠳᠡᠢ ᠳᠤ ᠬᠠᠨᠳᠤᠭᠤᠯᠤᠬᠰᠠᠨ ᠨᠢᠭᠡᠨ ᠪᠠᠶᠢᠴᠠᠭᠠᠯᠳᠠ ᠳᠤ ᠤᠯᠵᠤ ᠮᠡᠳᠡᠭᠰᠡᠨ ᠢᠶᠠᠷ᠂ ᠬᠦᠭᠰᠢᠷᠡᠯ ᠤᠨ ᠬᠤᠭᠤᠴᠠᠭᠠᠨ ᠤ ᠶᠡᠷᠦᠩᠭᠡᠶᠢᠯᠡᠭᠰᠡᠨ ᠭᠡᠮ ᠲᠠᠢ ᠡᠮᠡᠭᠳᠡᠶᠢᠴᠤᠤᠯ ᠤᠨ ᠲᠤᠳᠤᠷ᠎ᠠ ᠨᠠᠭᠠᠳᠤ ᠵᠠᠬ᠎ᠠ ᠳᠠᠭᠠᠨ ᠬᠠᠭᠠᠰ ᠨᠢ ᠤᠳᠤᠮᠯᠠᠯ ᠲᠠᠢ ᠬᠤᠯᠪᠤᠭ᠎ᠠ ᠲᠠᠢ᠃    ᠠᠷᠢᠬᠢᠨ ᠳᠤ ᠰᠢᠨᠤᠬᠤ᠄ ᠠᠮᠧᠷᠢᠺᠠ ᠶᠢᠨ ᠹᠦᠰᠢᠨᠢᠶ᠎ᠠ ᠵᠸᠤ ᠶᠢᠨ ᠠᠷᠢᠬᠢᠨ ᠰᠢᠨᠤᠯ ᠢ ᠡᠮᠨᠡᠬᠦ ᠭᠠᠵᠠᠷ ᠤᠨ ᠰᠤᠳᠤᠯᠭᠠᠳᠠᠳ ᠤᠨ ᠤᠯᠵᠤ ᠮᠡᠳᠡᠭᠰᠡᠨ ᠢᠶᠠᠷ᠂ ᠠᠷᠢᠬᠢ ᠶᠡᠭᠡ ᠤᠤᠭᠤᠳᠠᠬ ᠡᠮᠡᠭᠳᠡᠢ ᠶᠢᠨ ᠭᠡᠤᠭᠡᠨ ᠨᠢ ᠬᠤᠵᠢᠮ ᠠᠷᠢᠬᠢᠨ ᠰᠢᠨᠤᠯ ᠲᠠᠢ ᠪᠤᠯᠬᠤ ᠨᠤᠷᠮ᠎ᠠ ᠪᠤᠰᠤᠳ ᠠᠴᠠ 3 — 4 ᠲᠠᠬᠢᠨ ᠦᠨᠳᠦᠷ ᠪᠠᠶᠢᠳᠠᠬ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号