| ᠤᠭᠤᠷᠠᠭ ᠨᠦᠬᠦᠬᠦ ᠳᠤ ᠬᠦᠮᠦᠨ ᠪᠤᠯᠭᠠᠨ ᠦᠪᠡᠷ ᠤᠨ ᠭᠡᠰᠡᠨ ᠠᠷᠭ᠎ᠠ ᠲᠠᠢ ᠪᠠᠶᠢᠬᠤ ᠶᠤᠰᠤᠳᠠᠢ᠂ ᠭᠡᠬᠦ ᠳᠡᠭᠡᠨ | ᠳᠡᠷᠡ ᠨᠢ ᠠᠮᠢᠳᠤᠷᠠᠯ ᠤᠨ ᠳᠠᠳᠬᠠᠯ ᠤᠨ ᠳᠠᠭᠠᠤ ᠳᠤ ᠠᠶᠠᠨᠳᠠᠭᠠᠨ ᠪᠦᠷᠢᠯᠳᠦᠳᠡᠭ ᠪᠠ ᠬᠦᠮᠦᠨ ᠤ ᠪᠡᠶ᠎ᠡ ᠶᠢᠨ ᠪᠡᠶᠡᠴᠢ | ᠴᠢᠳᠠᠮᠠᠭᠠᠢ ᠴᠢᠨᠠᠷ ᠲᠤ ᠳᠦᠰᠢᠭᠯᠡᠨ ᠵᠤᠬᠢᠴᠠᠭᠤᠯᠬᠤ ᠳᠠᠯ᠎ᠠ ᠴᠤ ᠪᠠᠶᠢᠳᠠᠭ ᠭᠡᠯᠳᠡᠢ᠃ ᠬᠠᠷᠢᠨ ᠤᠨᠴᠠᠭᠠᠢ ᠵᠠᠷᠢᠮ | ᠬᠦᠮᠦᠰ ᠤᠭᠤᠷᠠᠭ ᠨᠦᠬᠦᠬᠦ ᠶᠢ ᠠᠩᠬᠠᠷᠬᠤ ᠭᠡᠷᠡᠭᠳᠡᠢ᠂ ︽ᠬᠡᠮᠵᠢᠶ᠎ᠠ︾ ᠶᠢ ᠨᠢ ᠪᠠᠷᠢᠵᠤ ᠴᠢᠳᠠᠬᠤ ᠭᠡᠷᠡᠭᠳᠡᠢ ᠪᠠᠶᠢᠳᠠᠭ | ᠃ | ᠪᠦᠭᠡᠷ᠎ᠡ ᠮᠠᠭᠤ ᠬᠦᠮᠦᠨ ᠤᠭᠤᠷᠠᠭ ᠰᠢᠩᠭᠡᠭᠡᠨ ᠠᠪᠬᠤ ᠶᠢ ᠬᠢᠵᠠᠭᠠᠷᠯᠠᠨ᠎ᠠ ᠦᠨᠳᠦᠷ ᠤᠭᠤᠷᠠᠭᠳᠤ ᠢᠳᠡᠭᠡᠨ ᠨᠢ | ᠪᠦᠭᠡᠷ᠎ᠡ ᠶᠢᠨ ᠳᠠᠮᠢᠷ ᠢ ᠤᠯᠠᠮ ᠳᠤᠷᠦ᠋ᠢᠳᠠᠭᠤᠯᠤᠨᠠ᠂ ᠤᠭᠤᠷᠠᠭ ᠳᠤᠳᠠᠪᠠᠯ ᠰᠢᠮ᠎ᠡ ᠳᠡᠵᠢᠭᠡᠯ ᠳᠤᠳᠠᠭᠳᠠᠵᠤ ᠪᠡᠶ᠎ᠡ | ᠤᠯᠠᠮ ᠮᠠᠭᠤᠳᠠᠨ᠎ᠠ᠃ ᠪᠦᠭᠡᠷ᠎ᠡ ᠶᠢᠨ ᠴᠢᠳᠠᠪᠬᠢ ᠨᠢ ᠬᠡᠪ ᠤᠨ ᠪᠦᠭᠡᠷ᠎ᠡ ᠶᠢᠨ ᠡᠪᠡᠳᠴᠢᠨ ᠲᠠᠢ ᠬᠦᠮᠦᠨ ᠡᠩ ᠤᠨ | ᠤᠭᠤᠷᠠᠭ ᠲᠠᠢ ᠢᠳᠡᠭᠡᠨ ︵ᠺᠢᠯᠦᠭᠷᠡᠮ ᠪᠦᠷᠢ ᠶᠢᠨ ᠪᠡᠶ᠎ᠡ ᠶᠢᠨ ᠬᠦᠨᠳᠦ ᠳᠤ 1 ᠭᠷᠡᠮ︶ ᠢᠶᠠᠷ ᠬᠤᠭᠤᠯᠠᠯᠠᠪᠠᠯ ᠵᠤᠬᠢᠨ᠎ᠠ | ᠂ ᠠᠮᠢᠳᠠᠨ ᠤ ᠤᠭᠤᠷᠠᠭ 50% ᠠᠴᠠ ᠢᠯᠡᠭᠦᠦ ᠬᠤᠪᠢ ᠶᠢ ᠡᠵᠡᠯᠡᠵᠦ᠂ ᠤᠷᠭᠤᠮᠠᠯ ᠤᠨ ᠤᠭᠤᠷᠠᠭ ︵ᠪᠤᠷᠴᠠᠭ ᠤᠨ | ᠵᠦᠢᠯ ᠵᠡᠷᠭᠡ︶ ᠢ ᠵᠤᠬᠢᠬᠤ ᠬᠡᠮᠵᠢᠶ᠎ᠠ ᠪᠠᠷ ᠢᠳᠡᠨ᠎ᠠ᠃ ᠪᠦᠭᠡᠷ᠎ᠡ ᠶᠢᠨ ᠴᠢᠳᠠᠪᠬᠢ ᠨᠢ ᠪᠦᠷᠢᠨ ᠪᠤᠰᠤ ᠡᠪᠡᠳᠴᠢᠳᠠᠨ | ᠡᠳᠦᠷ ᠪᠤᠯᠭᠠᠨ ᠤ ᠤᠭᠤᠷᠠᠭ ᠤᠨ ᠬᠡᠮᠵᠢᠶ᠎ᠠ ᠪᠠᠨ 1 ᠺᠢᠯᠦᠭᠷᠡᠮ ᠪᠡᠶ᠎ᠡ ᠶᠢᠨ ᠬᠦᠨᠳᠦ ᠳᠤ 0. 6 — 0.8 | ᠭᠷᠡᠮ ᠤᠨ ᠬᠡᠮᠵᠢᠶᠡᠨ ᠳᠤ ᠬᠢᠵᠠᠭᠠᠷᠯᠠᠵᠤ᠂ ᠠᠮᠢᠳᠠᠨ ᠤ ᠤᠭᠤᠷᠠᠭ ᠢᠶᠠᠷ ᠭᠤᠤᠯ ᠪᠤᠯᠭᠠᠨ᠂ ᠤᠷᠭᠤᠮᠠᠯ ᠤᠨ ᠤᠭᠤᠷᠠᠭ ᠢ | ᠬᠤᠷᠢᠨ᠎ᠠ᠃ ᠰᠢᠮ᠎ᠡ ᠳᠡᠵᠢᠭᠡᠯ ᠤᠨ ᠵᠢᠭᠠᠯᠳᠠ ᠳᠤᠭ᠎ᠠ ︵ᠴᠢᠰᠦᠨ ᠤ ᠴᠠᠶᠢᠪᠠᠩ ᠤᠨ ᠤᠭᠤᠷᠠᠭ ᠮᠡᠳᠦ︶ ᠶᠢᠨ | ᠪᠠᠶᠢᠴᠠᠭᠠᠯᠳᠠ ᠶᠢ ᠠᠩᠬᠠᠷᠴᠤ ᠪᠠᠶᠢᠬᠤ ᠭᠡᠷᠡᠭᠳᠡᠢ᠃ | ᠰᠢᠬᠢᠷ ᠰᠢᠵᠢᠩ ᠡᠪᠡᠳᠴᠢᠳᠠᠨ ᠵᠤᠬᠢᠬᠤ ᠬᠡᠮᠵᠢᠶ᠎ᠡ ᠪᠠᠷ ᠤᠭᠤᠷᠠᠭ ᠨᠦᠬᠦᠨ᠎ᠠ ᠰᠢᠬᠢᠷ ᠰᠢᠵᠢᠩ ᠡᠪᠡᠳᠴᠢᠨ ᠳᠤ | ᠠᠪᠴᠤ ᠬᠡᠯᠡᠪᠡᠯ ᠤᠭᠤᠷᠠᠭ ᠡᠯᠪᠡᠭ ᠢᠳᠡᠭᠡᠨ ᠢᠯᠡᠭᠦᠦ ᠢᠳᠡᠪᠡᠯ ᠵᠤᠬᠢᠨ᠎ᠠ᠂ ᠭᠡᠪᠡᠴᠦ ᠪᠠᠰᠠ ᠬᠡᠮᠵᠢᠶ᠎ᠠ ᠪᠠᠨ ᠪᠠᠷᠢᠬᠤ | ᠪᠠᠶᠢᠬᠤ ᠭᠡᠷᠡᠭᠳᠡᠢ᠃ ᠰᠢᠬᠢᠷ ᠰᠢᠵᠢᠩ ᠡᠪᠡᠳᠴᠢᠨ ᠤ ᠢᠳᠡᠭᠡᠨ ᠤᠮᠳᠠᠭᠠᠨ ᠤ ᠪᠠᠷᠢᠮᠵᠢᠶ᠎ᠠ ᠳᠤ᠂ ᠤᠭᠤᠷᠠᠭ ᠤᠨ | ᠬᠡᠮᠵᠢᠶ᠎ᠠ ᠨᠢ ᠶᠡᠷᠦᠩᠬᠡᠢ ᠶᠢᠨ ᠢᠯᠴᠢ ᠶᠢᠨ ᠬᠡᠮᠵᠢᠶᠡᠨ ᠤ 12% — 20% ᠶᠢ ᠡᠵᠡᠯᠡᠵᠦ᠂ ᠡᠭᠦᠨ ᠤ 2/3 ᠨᠢ | ᠪᠤᠷᠴᠠᠭ ᠤᠨ ᠵᠦᠢᠯ᠂ ᠪᠤᠷᠴᠠᠭ ᠤᠨ ᠪᠦᠲᠦᠭᠡᠭᠳᠡᠭᠦᠨ ᠪᠠ ᠪᠦᠳᠦᠭᠦᠯᠢᠭ ᠠᠮᠤ ᠠᠴᠠ ᠢᠷᠡᠬᠦ ᠭᠡᠷᠡᠭᠳᠡᠢ᠂ ᠪᠤᠰᠤᠳ | 1/3 ᠨᠢ ᠰᠠᠶᠢᠨ ᠴᠢᠨᠠᠷ ᠤᠨ ᠤᠭᠤᠷᠠᠭ ᠪᠠᠶᠢᠬᠤ ᠶᠤᠰᠤᠳᠠᠢ᠂ ᠨᠠᠰᠤᠨ ᠳᠤ ᠬᠦᠷᠦᠭᠰᠡᠨ ᠡᠪᠡᠳᠴᠢᠳᠠᠨ ᠡᠳᠦᠷ | ᠪᠤᠯᠭᠠᠨ ᠺᠢᠯᠦᠭᠷᠡᠮ ᠪᠡᠶ᠎ᠡ ᠶᠢᠨ ᠬᠦᠨᠳᠦ ᠳᠤᠰᠤᠮ ᠳᠤ 0.8 — 1.2 ᠭᠷᠡᠮ ᠤᠨ ᠪᠠᠷᠢᠮᠵᠢᠶ᠎ᠠ ᠪᠠᠷ ᠢᠳᠡᠪᠡᠯ | ᠵᠤᠬᠢᠨ᠎ᠠ ᠭᠡᠰᠡᠨ ᠪᠠᠶᠢᠨ᠎ᠠ᠃ ᠪᠡᠶ᠎ᠡ ᠶᠢᠨ ᠬᠦᠨᠳᠦ ᠨᠢ 60 ᠺᠢᠯᠦᠭᠷᠡᠮ ᠤᠨ ᠨᠠᠰᠤᠨ ᠳᠤ ᠬᠦᠷᠦᠭᠰᠡᠨ ᠰᠢᠬᠢᠷ ᠰᠢᠵᠢᠩ | ᠡᠪᠡᠳᠴᠢᠳᠠᠨ ᠡᠳᠦᠷ ᠲᠤ 60 ᠭᠷᠡᠮ ᠤᠷᠴᠢᠮ ᠤᠨ ᠵᠢᠭᠠᠰᠤ᠂ ᠬᠠᠷ᠎ᠠ ᠮᠢᠬ᠎ᠠ ᠪᠤᠶᠤ ᠦᠨᠳᠡᠭᠡ ᠵᠡᠷᠭᠡ ᠶᠢᠨ ᠢᠳᠡᠭᠡᠨ | ᠢᠳᠡᠵᠦ ᠪᠤᠯᠤᠨ᠎ᠠ ᠭᠡᠰᠡᠨ ᠦᠭᠡ᠃ | ᠳᠤᠷᠠᠩᠬᠠᠢ ᠨᠠᠰᠤᠳᠠᠶᠢᠴᠤᠳ ᠤᠭᠤᠷᠠᠭ ᠢᠯᠡᠭᠦᠦ ᠨᠦᠬᠦᠬᠦ ᠭᠡᠷᠡᠭᠳᠡᠢ ᠨᠠᠰᠤᠳᠠᠶᠢᠴᠤᠳ ᠤᠨ ᠤᠭᠤᠷᠠᠭ ᠤᠨ | ᠱᠠᠭᠠᠷᠳᠠᠯᠭ᠎ᠠ ᠨᠢ ᠵᠠᠯᠠᠭᠤᠴᠤᠳ ᠠᠴᠠ ᠢᠯᠡᠭᠦᠦ ᠪᠠᠶᠢᠳᠠᠭ᠂ ᠪᠦᠭᠡᠷ᠎ᠡ ᠶᠢᠨ ᠴᠢᠳᠠᠪᠬᠢ ᠨᠢ ᠳᠠᠭᠠᠭᠠᠵᠤ ᠳᠡᠶᠢᠯᠳᠡᠭ ᠯᠡ | ᠶᠤᠮ ᠪᠤᠯ᠂ ᠨᠠᠰᠤᠳᠠᠶᠢᠴᠤᠳ ᠡᠳᠦᠷ ᠪᠤᠯᠭᠠᠨ ᠺᠢᠯᠦᠭᠷᠡᠮ ᠪᠡᠶ᠎ᠡ ᠶᠢᠨ ᠬᠦᠨᠳᠦ ᠳᠤᠰᠤᠮ ᠳᠤ 1.2 — 1.3 | ᠭᠷᠡᠮ ᠤᠨ ᠬᠡᠮᠵᠢᠶ᠎ᠠ ᠪᠠᠷ ᠤᠭᠤᠷᠠᠭ ᠨᠦᠬᠦᠬᠦ ᠶᠢ ᠰᠠᠨᠠᠭᠤᠯᠵᠤ ᠪᠠᠶᠢᠨ᠎ᠠ᠃ ᠡᠷᠡᠨ ᠪᠤᠯᠭᠠᠨ ᠤ ᠬᠤᠭᠤᠯᠠᠨ ᠳᠠᠭᠠᠨ 25 | — 30 ᠭᠷᠡᠮ ᠤᠭᠤᠷᠠᠭ ᠰᠢᠩᠭᠡᠭᠡᠨ ᠠᠪᠤᠪᠠᠯ᠂ ᠪᠤᠯᠴᠢᠩ ᠤᠨ ᠤᠭᠤᠷᠠᠭ ᠤᠨ ᠨᠡᠶᠢᠯᠡᠭᠵᠢᠯ ᠢ ᠬᠠᠮᠤᠭ ᠤᠨ ᠶᠡᠭᠡ | ᠬᠡᠮᠵᠢᠶ᠎ᠠ ᠪᠠᠷ ᠳᠡᠭᠡᠭᠰᠢᠯᠡᠭᠦᠯᠵᠦ ᠪᠤᠯᠤᠨ᠎ᠠ᠃ ᠠᠮᠢᠳᠠᠨ ᠤ ᠭᠠᠷᠤᠯᠳᠠᠢ ᠢᠳᠡᠭᠡᠨ ᠤ ᠤᠭᠤᠷᠠᠭ ᠨᠢ ᠤᠭᠤᠷᠠᠭ ᠤᠨ | ᠶᠡᠷᠦᠩᠬᠡᠢ ᠬᠡᠮᠵᠢᠶᠡᠨ ᠤ 30% — 50% ᠶᠢ ᠡᠵᠡᠯᠡᠪᠡᠯ ᠵᠤᠬᠢᠨ᠎ᠠ᠃ ᠰᠦ᠂ ᠦᠨᠳᠡᠭᠡ᠂ ᠬᠠᠷ᠎ᠠ ᠮᠢᠬ᠎ᠠ᠂ | ᠵᠢᠭᠦᠷᠳᠡᠨ ᠤ ᠮᠢᠬ᠎ᠠ᠂ ᠵᠢᠭᠠᠰᠤ ᠰᠠᠮ ᠪᠠ ᠰᠢᠷ᠎ᠡ ᠪᠤᠷᠴᠠᠭ ᠤᠨ ᠢᠳᠡᠭᠡᠨ ᠢᠯᠡᠭᠦᠦ ᠢᠳᠡᠪᠡᠯ ᠵᠤᠬᠢᠨ᠎ᠠ᠃ |