ᠬᠦᠯᠳᠡᠬᠡᠬᠦᠷ ᠤᠨ ᠪᠠᠺᠲ᠋ᠧᠷᠢ ᠠᠷᠪᠢᠳᠤᠪᠠᠯ ᠠᠮᠢ ᠨᠠᠰᠤᠨ ᠳᠤ ᠠᠶᠤᠯᠳᠠᠢ
ᠨᠡᠶᠢᠲᠡᠯᠡᠭᠰᠡᠨ ᠴᠠᠭ᠄
2019/12/4
              ᠤᠯᠠᠩᠬᠢ ᠬᠦᠮᠦᠰ ᠢᠳᠡᠬᠡᠨ ᠢᠶᠠᠨ ᠬᠦᠯᠳᠡᠬᠡᠬᠦᠷ ᠲᠡᠭᠡᠨ ᠴᠢᠬᠢᠬᠡᠳ ᠲᠠᠯᠪᠢᠴᠢᠬᠠᠪᠠᠯ ᠶᠠᠮᠠᠷ ᠴᠦ ᠶᠠᠪᠤᠳᠠᠯ ᠦᠬᠡᠢ ᠪᠤᠯᠴᠢᠬᠠᠭᠰᠠᠨ ᠰᠢᠬ ᠬᠠᠶᠠᠨ ᠳᠤᠨᠢ ᠬᠠᠶᠠᠴᠢᠬᠠᠳᠠᠭ᠂ ᠬᠡᠪᠡᠴᠦ ᠬᠦᠯᠳᠡᠬᠡᠬᠦᠷ ᠲᠠᠬᠢ ᠪᠠᠺᠲ᠋ᠧᠷᠢ ᠶᠠᠪᠤᠬᠤ ᠲᠤᠰᠤᠮ ᠠᠷᠪᠢᠨ ᠪᠤᠯᠳᠠᠭ ᠢ ᠲᠠ ᠮᠡᠳᠡᠨ᠎ᠡ ᠤᠤ︖ ᠢᠳᠡᠬᠡᠨ ᠢ ᠬᠦᠯᠳᠡᠬᠡᠬᠦᠷ ᠲᠤ ᠬᠠᠳᠠᠭᠠᠯᠠᠬᠤ ᠠᠷᠭ᠎ᠠ ᠴᠢᠨᠢ ᠪᠤᠷᠤᠭᠤᠳᠠᠪᠠᠯ ᠢᠳᠡᠬᠡᠨ ᠤ ᠪᠠᠺᠲ᠋ᠧᠷᠢ ᠤᠬᠤᠷᠬᠠᠨ ᠬᠤᠭᠤᠴᠠᠭᠠᠨ ᠤ ᠲᠤᠳᠤᠷ᠎ᠠ 107 ᠲᠠᠬᠢᠨ ᠨᠡᠮᠡᠭᠳᠡᠳᠡᠭ ᠲᠤᠯᠠ ᠲᠡᠬᠦᠨ ᠢ ᠢᠳᠡᠪᠡᠯ ᠬᠦᠡᠭᠬᠡᠨ ᠳᠡᠭᠡᠨ ᠪᠦᠬᠡᠯᠵᠢᠬᠦᠯᠵᠦ ᠰᠠᠭᠤᠯᠭᠠᠨ᠂ ᠬᠦᠨᠳᠦᠷᠡᠪᠡᠯ ᠪᠦᠬᠦ ᠪᠡᠶ᠎ᠡ ᠬᠠᠯᠠᠭᠤᠷᠠᠵᠤ᠂ ᠨᠡᠩ ᠴᠢᠨᠠᠭᠰᠢᠯᠠᠪᠠᠯ ᠲᠠᠷᠢᠬᠢᠨ ᠤ ᠰᠠᠯᠢᠰᠤᠳᠤ ᠪᠦᠷᠬᠦᠪᠴᠢ ᠶᠢᠨ ᠦᠷᠪᠢᠰᠦᠯ ᠵᠡᠷᠬᠡ ᠡᠪᠡᠳᠴᠢᠨ ᠡᠬᠦᠰᠬᠡᠨ᠂ ᠡᠷᠡᠬᠦᠯ ᠮᠡᠨᠳᠦ ᠳᠤ ᠰᠦᠷᠳᠡᠬᠦᠯᠦᠯ ᠪᠤᠯᠵᠤ ᠮᠡᠳᠡᠨ᠎ᠡ᠃            ᠵᠢᠮᠢᠰ ᠨᠤᠭᠤᠭᠠᠨ ᠤ ᠬᠠᠶᠢᠷᠴᠠᠭ᠃ ᠲᠡᠷᠡ ᠪᠤᠯ ᠬᠦᠯᠳᠡᠬᠡᠬᠦᠷ ᠲᠠᠬᠢ ᠬᠠᠮᠤᠭ ᠠᠴᠠ ᠪᠤᠵᠠᠷ ᠬᠡᠰᠡᠭ ᠶᠤᠮ᠃ ᠵᠢᠵᠢᠭ ᠴᠠᠭᠠᠨ ᠨᠤᠭᠤᠭ᠎ᠠ ᠮᠡᠳᠦ ᠶᠢᠨ ᠨᠠᠪᠴᠢᠯᠢᠭ ᠨᠤᠭᠤᠭ᠎ᠠ ᠶᠢ ᠶᠠᠮᠠᠷ ᠴᠦ ᠠᠷᠭ᠎ᠠ ᠬᠡᠮᠵᠢᠶ᠎ᠡ ᠠᠪᠬᠤ ᠦᠬᠡᠢ ᠪᠠᠷ ᠬᠦᠯᠳᠡᠬᠡᠬᠦᠷ ᠲᠤ 5 ᠡᠳᠦᠷ ᠲᠠᠯᠪᠢᠪᠠᠯ ᠪᠠᠺᠲ᠋ᠧᠷᠢ ᠨᠢ 107 ᠲᠠᠬᠢᠨ ᠢᠶᠠᠷ ᠨᠡᠮᠡᠭᠳᠡᠨ᠎ᠡ᠃            ᠬᠦᠯᠳᠡᠬᠡᠬᠦᠷ ᠤᠨ ᠲᠠᠰᠤᠯᠤᠭᠤᠷ ᠬᠠᠪᠳᠠᠰᠤ᠃ ᠦᠨᠢᠶᠡᠨ ᠰᠦ᠂ ᠮᠢᠬ᠎ᠠ ᠵᠡᠷᠬᠡ ᠢᠳᠡᠬᠡᠨ ᠢ ᠠᠮᠠᠰᠠᠷ ᠪᠦᠳᠡᠬᠡᠯᠬᠡ ᠦᠬᠡᠢ ᠪᠠᠷ ᠬᠦᠯᠳᠡᠬᠡᠬᠦᠷ ᠲᠤ 12 ᠴᠠᠭ ᠲᠠᠯᠪᠢᠪᠠᠯ ᠲᠡᠷᠡ ᠨᠢ ᠰᠠᠶᠢᠳᠤᠷ ᠪᠢᠳᠡᠬᠦᠯᠡᠭᠰᠡᠨ ᠦᠨᠢᠶᠡᠨ ᠰᠦ ᠂ ᠮᠢᠬ᠎ᠠ ᠠᠴᠠ ᠪᠠᠺᠲ᠋ᠧᠷᠢ ᠨᠢ 18 ᠲᠠᠬᠢᠨ ᠦᠨᠳᠦᠷ ᠪᠤᠯᠳᠠᠭ᠃ ᠡᠨᠡᠬᠦ ᠪᠠᠺᠲ᠋ᠧᠷᠢ ᠲᠠᠢ ᠢᠳᠡᠬᠡᠨ ᠢ ᠦᠯᠦ ᠬᠠᠯᠳᠠᠭᠠᠬᠤ ᠴᠢᠳᠠᠯ ᠨᠢ ᠠᠨᠠᠢ ᠬᠦᠮᠦᠨ ᠢᠳᠡᠪᠡᠯ ᠬᠠᠯᠠᠭᠤᠷᠠᠬᠤ᠂ ᠪᠦᠬᠦ ᠪᠡᠶ᠎ᠡ ᠨᠢ ᠬᠠᠯᠳᠠᠪᠤᠷᠢᠯᠠᠬᠤ ᠵᠡᠷᠬᠡ ᠪᠠᠶᠢᠳᠠᠯ ᠡᠬᠦᠰᠬᠡᠨ᠂ ᠴᠢᠨᠠᠭᠰᠢᠯᠠᠪᠠᠯ ᠲᠠᠷᠢᠬᠢᠨ ᠤ ᠰᠠᠯᠢᠰᠤᠳᠤ ᠪᠦᠷᠬᠦᠪᠴᠢ ᠶᠢᠨ ᠦᠷᠪᠢᠰᠦᠯ ᠡᠬᠦᠰᠬᠡᠳᠡᠭ᠃            ᠬᠦᠯᠳᠡᠬᠡᠬᠦ ᠬᠠᠶᠢᠷᠴᠠᠭ᠃ ᠬᠦᠯᠳᠡᠬᠡᠭᠰᠡᠨ ᠮᠢᠬ᠎ᠠ ᠶᠢ ᠨᠢᠬᠡ ᠬᠡᠰᠬᠡᠵᠦ ᠨᠢᠬᠡ ᠬᠦᠯᠳᠡᠬᠡᠬᠦ ᠵᠡᠷᠬᠡ ᠪᠠᠷ 4 ᠤᠳᠠᠭ᠎ᠠ ᠠᠪᠴᠤ ᠭᠠᠷᠭᠠᠪᠠᠯ ᠪᠠᠺᠲ᠋ᠧᠷᠢ ᠨᠢ 15 ᠲᠠᠬᠢᠨ ᠢᠶᠠᠷ ᠨᠡᠮᠡᠭᠳᠡᠳᠡᠭ᠃ ᠡᠶᠢᠮᠦ ᠠᠴᠠ ᠮᠢᠬ᠎ᠠ ᠶᠢ ᠬᠦᠯᠳᠡᠬᠡᠬᠦ ᠳᠤ ᠪᠠᠨ ᠪᠦᠬᠦᠳᠡ ᠶᠢ ᠵᠢᠵᠢᠭᠯᠡᠨ ᠬᠡᠰᠡᠭᠯᠡᠵᠦ᠂ ᠬᠡᠰᠬᠡᠭᠰᠡᠨ ᠢᠶᠠᠨ ᠲᠠᠷᠤᠢ ᠳᠤᠨᠢ ᠢᠳᠡᠵᠦ ᠲᠠᠭᠤᠰᠬᠠᠨ᠎ᠠ᠂ ᠬᠦᠯᠳᠡᠬᠡᠭᠰᠡᠨ ᠦᠬᠡᠷ ᠬᠤᠨᠢᠨ ᠮᠢᠬ᠎ᠠ ᠶᠢ 3 ᠠᠴᠠ 6 ᠰᠠᠷ᠎ᠠ ᠶᠢᠨ ᠲᠤᠳᠤᠷ᠎ᠠ ᠢᠳᠡᠵᠦ ᠲᠠᠭᠤᠰᠬᠠᠨ᠂ ᠲᠠᠬᠢᠶ᠎ᠠ ᠨᠤᠭᠤᠰᠤ ᠵᠢᠭᠠᠰᠤᠨ ᠮᠢᠬ᠎ᠠ ᠶᠢ 1 ᠠᠴᠠ 2 ᠡᠳᠦᠷ ᠤᠨ ᠲᠤᠳᠤᠷ᠎ᠠ ᠢᠳᠡᠵᠦ ᠲᠠᠭᠤᠰᠬᠠᠪᠠᠯ ᠵᠦᠬᠡᠷ ᠶᠤᠮ᠃ ᠨᠤᠭᠤᠭᠠᠨ ᠨᠠᠪᠴᠢᠳᠤ ᠨᠤᠭᠤᠭ᠎ᠠ ᠶᠢ 3 ᠡᠳᠦᠷ ᠬᠠᠳᠠᠭᠠᠯᠠᠨ᠂ ᠦᠨᠢᠶᠡᠨ ᠰᠦ ᠶᠢ 5 ᠡᠳᠦᠷ ᠬᠠᠳᠠᠭᠠᠯᠠᠵᠤ᠂ ᠲᠦᠪᠡᠳ ᠬᠠᠰᠢ ᠵᠡᠷᠬᠡ ᠡᠰᠢᠯᠢᠭ ᠵᠢᠮᠢᠰ ᠨᠤᠭᠤᠭ᠎ᠠ ᠶᠢ 7 ᠡᠳᠦᠷ ᠠᠴᠠ ᠬᠡᠳᠦᠷᠡᠬᠦᠯᠬᠦ ᠦᠬᠡᠢ ᠪᠠᠶᠢᠪᠠᠯ ᠰᠠᠶᠢᠨ᠃       ᠣᠯᠠᠭᠠᠨᠬᠳᠠ  ᠮᠤᠩᠭᠤᠯ ᠰᠦᠯᠵᠢᠶ᠎ᠠ
 
ᠢᠷᠡᠯᠲᠡ᠄ ᠤᠯᠠᠭᠠᠨᠬᠠᠲᠠ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号