ᠡᠪᠦᠯ ᠤᠨ ᠤᠯᠠᠷᠢᠯ ᠳᠤ ᠮᠠᠯ ᠵᠢᠬᠦᠷᠳᠡᠨ ᠤ ᠬᠡᠮ ᠬᠢᠵᠢᠭ ᠢ ᠰᠡᠷᠬᠡᠶᠢᠯᠡᠬᠦ ᠲᠤᠬᠠᠢ ᠮᠡᠳᠡᠯᠬᠡ
ᠨᠡᠶᠢᠲᠡᠯᠡᠭᠰᠡᠨ ᠴᠠᠭ᠄
2019/12/4
               ᠡᠪᠤᠯ ᠡᠳᠦᠷ ᠤᠬᠤᠷ ᠰᠦᠨᠢ ᠤᠷᠳᠤ᠂ ᠲᠤᠯᠠᠭᠠᠨ ᠤ ᠬᠡᠮᠵᠢᠶ᠎ᠠ ᠲᠤᠤᠷ᠎ᠠ ᠪᠠᠶᠢᠳᠠᠭ᠂ ᠭᠡᠷᠪᠡ ᠮᠠᠯ ᠵᠢᠭᠦᠷᠳᠡᠨ ᠢ ᠬᠦᠢᠳᠠᠨ ᠠᠴᠠ ᠰᠡᠷᠭᠡᠶᠢᠯᠡᠵᠦ ᠲᠤᠯᠠᠭᠠᠨ ᠢ ᠬᠠᠮᠠᠭᠠᠯᠠᠬᠤ ᠪᠤᠯᠤᠨ ᠠᠷᠠᠴᠢᠯᠠᠨ ᠬᠠᠮᠢᠶᠠᠷᠬᠤ ᠠᠵᠢᠯ ᠢ ᠰᠠᠶᠢᠳᠦᠷ ᠬᠢᠬᠦ ᠦᠭᠡᠢ ᠪᠤᠯ ᠮᠠᠯ ᠵᠢᠭᠦᠷᠳᠡᠨ ᠬᠢᠯᠪᠡᠷ ᠬᠡᠮ ᠬᠢᠵᠢᠭ ᠲᠠᠢ ᠪᠤᠯᠳᠠᠭ᠃ ᠡᠶᠢᠮᠦ ᠠᠴᠠ ᠮᠠᠯ ᠵᠢᠭᠦᠷᠳᠡᠨ ᠢ ᠲᠡᠵᠢᠭᠡᠭᠰᠡᠳ ᠡᠷᠭᠡᠪᠰᠢ ᠤᠷᠢᠳᠴᠢᠯᠠᠨ ᠰᠡᠷᠭᠡᠶᠢᠯᠡᠭᠦ ᠠᠷᠭ᠎ᠠ ᠬᠡᠮᠵᠢᠶ᠎ᠠ ᠶᠢ ᠰᠠᠶᠢᠳᠦᠷ ᠡᠵᠡᠮᠰᠢᠵᠦ᠂ ᠮᠠᠯ ᠵᠢᠭᠦᠷᠳᠡᠨ ᠤ ᠮᠡᠨᠳᠦ ᠡᠪᠤᠯᠵᠢᠬᠦ ᠶᠢ ᠪᠠᠳᠤᠯᠠᠬᠤ ᠬᠡᠷᠡᠭᠳᠡᠢ᠃              ᠨᠢᠭᠡ᠂ ᠬᠦᠢᠳᠠᠨ ᠠᠴᠠ ᠰᠡᠷᠭᠡᠶᠢᠯᠡᠵᠦ ᠲᠤᠯᠠᠭᠠᠯᠠᠬᠤ              ᠡᠪᠤᠯ ᠦᠷᠭᠦᠯᠵᠢ ᠨᠡᠯᠢᠶᠡᠳ ᠬᠦᠴᠦᠳᠠᠢ ᠬᠦᠢᠳᠠᠨ ᠠᠭᠠᠷ ᠤᠨ ᠲᠠᠭᠠᠷᠢᠯᠳᠠ ᠳᠤ ᠤᠴᠠᠷᠠᠬᠤ ᠲᠤᠯᠠ ᠮᠠᠯ ᠵᠢᠭᠦᠷᠳᠡᠨ ᠠᠮᠠᠷᠬᠠᠨ ᠲᠠᠭᠠᠷᠠᠵᠦ ᠬᠡᠮᠨᠡᠭᠦ ᠪᠤᠶᠤ ᠪᠤᠰᠤᠳ ᠭᠡᠮ ᠭᠢᠵᠢᠭ ᠲᠤ ᠨᠡᠷᠪᠡᠭᠳᠡᠳᠡᠭ ᠶᠤᠮ᠃ ᠡᠶᠢᠮᠦ ᠠᠴᠠ᠂ ᠮᠠᠯ ᠵᠢᠭᠦᠷᠳᠡᠨ ᠤ ᠬᠤᠷᠤᠭ᠎ᠠ ᠬᠠᠰᠢᠶ᠎ᠠ ᠶᠢ ᠡᠷᠭᠡᠪᠰᠢ ᠬᠦᠢᠳᠡᠨ ᠠᠴᠠ ᠰᠡᠷᠭᠡᠶᠢᠯᠡᠵᠦ ᠲᠡᠶᠢᠯᠭᠦ ᠪᠠᠷ ᠪᠠᠷᠢᠵᠦ᠂ ᠡᠪᠤᠯ ᠤᠨ ᠤᠯᠠᠷᠢᠯ ᠳᠤ ᠬᠤᠷᠤᠭ᠎ᠠ ᠬᠠᠰᠢᠶ᠎ᠠ ᠶᠢ ᠦᠷᠭᠦᠯᠵᠢ ᠪᠠᠶᠢᠴᠠᠭᠠᠨ ᠵᠠᠰᠠᠵᠦ᠂ ᠴᠠᠰᠤ ᠪᠤᠷᠤᠭᠠᠨ ᠳᠤ ᠨᠤᠷᠤᠬᠳᠠᠭᠤᠯᠬᠤ ᠦᠭᠡᠢ᠂ ᠲᠦᠷᠪᠡᠨ ᠬᠠᠨ᠎ᠠ ᠳᠤᠨᠢ ᠰᠠᠯᠬᠢ ᠨᠡᠪᠳᠡᠷᠡᠭᠦᠯᠬᠦ ᠨᠦᠭᠡ ᠭᠠᠷᠭᠠᠵᠦ᠂ ᠭᠠᠵᠠᠷ ᠲᠡᠭᠡᠷ᠎ᠠ ᠨᠢ ᠡᠪᠡᠰᠦ ᠲᠡᠪᠢᠰᠭᠦ᠂ ᠡᠭᠦᠳᠠ ᠴᠤᠩᠬᠤᠨ ᠳᠤᠨᠢ ᠪᠦᠷᠭᠦᠭᠦᠯ ᠡᠯᠭᠦᠭᠦ ᠵᠡᠷᠭᠡ ᠬᠦᠢᠳᠠᠨ ᠠᠴᠠ ᠰᠡᠷᠭᠡᠶᠢᠯᠡᠵᠦ ᠲᠤᠯᠠᠭᠠᠯᠠᠬᠤ ᠠᠷᠭ᠎ᠠ ᠬᠡᠮᠵᠢᠶ᠎ᠠ ᠠᠪᠬᠤ ᠬᠡᠷᠡᠭᠳᠡᠢ᠃              ᠬᠤᠶᠠᠷ᠂ ᠡᠷᠡᠭᠦᠯ ᠬᠠᠮᠠᠭᠠᠯᠠᠯ ᠢ ᠰᠠᠶᠢᠳᠦᠷ ᠬᠢᠬᠦ             ᠮᠠᠯ ᠵᠢᠭᠦᠷᠳᠡᠨ ᠤ ᠬᠤᠷᠤᠭ᠎ᠠ ᠬᠠᠰᠢᠶ᠎ᠠ ᠶᠢ ᠦᠷᠭᠦᠯᠵᠢ ᠱᠦᠭᠦᠷᠳᠡᠵᠦ᠂ ᠲᠡᠪᠢᠰᠴᠦ ᠪᠠᠶᠢᠭ᠎ᠠ ᠡᠪᠡᠰᠦ ᠶᠢ ᠨᠢ ᠵᠠᠯᠭ᠎ᠠ ᠰᠤᠯᠢᠵᠦ᠂ ᠪᠤᠵᠠᠷ ᠤᠰᠤ᠂ ᠪᠠᠭᠠᠰᠤ ᠰᠢᠭᠡᠰᠦ ᠶᠢ ᠨᠢ ᠴᠠᠭ ᠲᠤᠬᠠᠢ ᠳᠤᠨᠢ ᠴᠡᠪᠡᠷᠯᠡᠨ ᠠᠷᠢᠯᠭᠠᠨ᠎ᠠ᠃ ᠴᠡᠪᠡᠷᠯᠡᠭᠰᠡᠨ ᠡᠪᠡᠰᠦ᠂ ᠪᠠᠭᠠᠰᠤ ᠰᠢᠭᠡᠰᠦ ᠶᠢ ᠨᠢ ᠲᠤᠬᠳᠠᠬᠰᠠ ᠭᠠᠵᠠᠷ ᠪᠤᠶᠤ ᠪᠠᠭᠠᠰᠤᠨ ᠴᠦᠩᠭᠦᠯ ᠲᠤᠳᠤᠷ᠎ᠠ ᠤᠪᠤᠭᠠᠯᠠᠵᠦ᠂ ᠠᠮᠢᠳᠦ ᠪᠤᠳᠠᠰ ᠤᠨ ᠬᠠᠯᠠᠭᠤᠨ ᠳᠤ ᠢᠰᠭᠡᠵᠦ ᠠᠷᠢᠭᠤᠳᠬᠠᠨ ᠰᠢᠢᠳᠪᠦᠷᠢᠯᠡᠵᠦ᠂ ᠬᠤᠷᠤᠭ᠎ᠠ ᠬᠠᠰᠢᠶ᠎ᠠ ᠶᠢ ᠠᠷᠢᠭᠤᠨ ᠴᠡᠪᠡᠷ᠂ ᠰᠢᠨ᠎ᠠ ᠰᠤᠷᠭᠤᠭ ᠠᠭᠤᠷ ᠠᠮᠢᠰᠬᠤᠯ ᠲᠠᠢ᠂ ᠬᠠᠭᠤᠷᠠᠢ ᠲᠠᠭᠠᠯᠠᠮᠵᠢᠳᠠᠢ ᠪᠠᠶᠢᠬᠤ ᠶᠢ ᠪᠠᠳᠤᠯᠠᠨ᠎ᠠ᠃              ᠭᠤᠷᠪᠠ᠂ ᠨᠠᠷᠢᠨ ᠨᠢᠮᠪᠠᠢ ᠠᠷᠠᠴᠢᠯᠠᠬᠤ              ᠡᠪᠤᠯ ᠲᠤᠯᠠᠭᠠᠨ ᠤ ᠬᠡᠮᠵᠢᠶ᠎ᠠ ᠲᠤᠤᠷ᠎ᠠ ᠲᠤᠯᠠ ᠮᠠᠯ ᠵᠢᠭᠦᠷᠳᠡᠨ ᠤ ᠪᠡᠶ᠎ᠠ ᠶᠢᠨ ᠢᠯᠴᠢ ᠶᠢ ᠪᠠᠭᠤᠷᠠᠭᠤᠯᠤᠨ᠂ ᠰᠢᠮ᠎ᠠ ᠲᠡᠵᠢᠭᠡᠯ ᠤᠨ ᠬᠤᠷᠤᠬᠳᠠᠯ ᠢ ᠨᠡᠮᠡᠭᠳᠡᠭᠦᠯᠳᠡᠭ᠃ ᠡᠶᠢᠮᠦ ᠠᠴᠠ ᠡᠷᠭᠡᠪᠰᠢ ᠡᠷᠳᠡᠨᠢ ᠰᠢᠰᠢ᠂ ᠠᠮᠦ ᠪᠤᠳᠠᠭ᠎ᠠ᠂ ᠪᠤᠭᠤᠳᠠᠢ ᠶᠢᠨ ᠲᠦᠷᠦᠯ ᠵᠡᠷᠭᠡ ᠦᠨᠳᠦᠷ ᠡᠨᠧᠷᠬᠢ ᠲᠠᠢ᠂ ᠲᠡᠭᠦᠰ ᠰᠢᠮ᠎ᠠ ᠲᠡᠵᠢᠭᠡᠯ ᠲᠠᠢ ᠨᠠᠶᠢᠷᠠᠮᠠᠯ ᠪᠤᠷᠳᠤᠭ᠎ᠠ ᠨᠡᠮᠡᠵᠦ ᠲᠡᠵᠢᠭᠡᠪᠡᠯ ᠰᠠᠶ᠋ᠢ ᠮᠠᠯ ᠵᠢᠭᠦᠷᠳᠡᠨ ᠤ ᠲᠠᠷᠭᠤ ᠬᠦᠴᠦ ᠶᠢ ᠪᠠᠳᠤᠯᠠᠵᠦ᠂ ᠡᠪᠡᠳᠴᠢᠨ ᠡᠰᠡᠷᠭᠦᠴᠡᠭᠦ ᠴᠢᠳᠠᠪᠦᠷᠢ ᠶᠢ ᠨᠢ ᠨᠡᠮᠡᠭᠳᠡᠭᠦᠯᠵᠦ ᠴᠢᠳᠠᠨ᠎ᠠ᠃ ᠤᠰᠤᠯᠠᠬᠤ ᠦᠶᠡᠰ ᠴᠡᠪᠡᠷ ᠪᠦᠯᠢᠶᠠᠨ ᠤᠰᠤ ᠪᠤᠶᠤ ᠬᠤᠳᠳᠤᠭ ᠤᠨ ᠤᠰᠤ ᠪᠠᠷ ᠤᠰᠤᠯᠠᠵᠦ᠂ ᠮᠠᠯ ᠵᠢᠭᠦᠷᠳᠡᠨ ᠤ ᠴᠠᠳᠳᠠᠯ᠎ᠠ ᠢᠳᠡᠵᠦ ᠤᠤᠭᠤᠬᠤ ᠶᠢ ᠪᠠᠳᠤᠯᠠᠨ᠂ ᠰᠦᠨᠢ ᠦᠯᠦᠰᠭᠦ ᠠᠴᠠ ᠰᠡᠷᠭᠡᠶᠢᠯᠡᠨ᠎ᠠ᠃ ᠦᠭᠡᠷ ᠬᠤᠨᠢ ᠢᠮᠠᠭ᠎ᠠ ᠶᠢ ᠡᠷᠬᠡᠪᠰᠢ ᠬᠦᠯᠳᠡᠭᠦᠦ ᠴᠠᠰᠤ ᠮᠦᠰᠦ ᠦᠭᠡᠢ ᠴᠠᠭ ᠲᠤ ᠨᠠᠷᠠ ᠲᠠᠢ ᠲᠤᠯᠠᠭᠠᠨ ᠡᠭᠡᠪᠦᠷ ᠵᠦᠯᠭᠡ ᠲᠡᠭᠡᠷ᠎ᠠ ᠪᠠᠯᠴᠢᠭᠡᠵᠦ᠂ ᠦᠳᠠ ᠳᠤ ᠠᠮᠠᠷᠠᠭᠤᠯᠬᠤ ᠦᠭᠡᠢ᠂ ᠮᠠᠯ ᠢᠶᠠᠨ ᠤᠷᠤᠢ ᠪᠡᠯᠴᠢᠭᠡᠷᠯᠡᠭᠦᠯᠵᠦ ᠡᠷᠳᠠ ᠬᠤᠳᠠᠯᠠᠨ᠎ᠠ᠃ ᠠᠯᠢ ᠴᠢᠳᠠᠬᠤ ᠪᠠᠷ ᠲᠤᠯᠠᠭᠠᠨ ᠠᠭᠤᠷ ᠠᠮᠢᠰᠬᠤᠯ ᠲᠠᠢ ᠭᠤᠤᠯ ᠤᠨ ᠬᠦᠪᠡᠭᠡ ᠬᠠᠰᠢᠯᠭ᠎ᠠ ᠵᠡᠷᠭᠡ ᠨᠡᠷᠠᠨ ᠤ ᠲᠤᠰᠤᠯᠳᠠ ᠰᠠᠶᠢᠨ ᠭᠠᠵᠠᠷ ᠢ ᠰᠤᠩᠭᠤᠨ ᠪᠠᠯᠴᠢᠭᠡᠷᠯᠡᠭᠦᠯᠦᠨ᠎ᠠ᠃              ᠲᠦᠷᠪᠡ᠂ ᠴᠢᠩᠭ᠎ᠠ ᠠᠷᠢᠭᠤᠳᠬᠠᠬᠤ             ᠮᠠᠯ ᠵᠢᠭᠦᠷᠳᠡᠨ ᠤ ᠬᠤᠷᠤᠭ᠎ᠠ ᠬᠠᠰᠢᠶ᠎ᠠ ᠶᠢ ᠦᠷᠭᠦᠯᠵᠢ ᠠᠷᠢᠭᠤᠤᠬᠠᠠᠨ᠎ᠠ᠃ ᠤᠯᠠᠩᠬᠢ ᠳᠠᠭᠠᠨ ᠲᠦᠭᠦᠭᠡᠢ ᠴᠤᠬᠤᠢ ᠳᠤ 1 ᠬᠤᠪᠢ ᠤᠰᠤ ᠨᠡᠮᠡᠵᠦ ᠪᠤᠯᠪᠠᠰᠤᠷᠠᠬᠰᠠᠨ ᠴᠤᠬᠤᠢ ᠪᠤᠯᠭᠠᠵᠦ᠂ ᠲᠠᠷᠠᠭ᠎ᠠ ᠨᠢ 4 ᠬᠤᠪᠢ ᠤᠰᠤ ᠨᠡᠮᠡᠵᠦ 20% ᠤᠨ ᠴᠠᠶᠢᠳᠠᠮ ᠡᠮ ᠪᠤᠯᠭᠠᠵᠦ ᠠᠷᠢᠭᠤᠳᠬᠠᠨ᠎ᠠ᠃ ᠪᠠᠰᠠ ᠪᠤᠰᠤᠳ ᠵᠦᠢᠯ ᠤᠨ ᠠᠷᠢᠭᠤᠳᠬᠠᠬᠤ ᠡᠮ ᠢ ᠬᠡᠷᠡᠭᠯᠡᠨ ᠠᠷᠢᠭᠤᠳᠬᠠᠬᠤ ᠪᠤᠯᠤᠨ᠎ᠠ᠃ ᠡᠭᠦᠨ ᠳᠤ ᠡᠮ ᠤᠨ ᠠᠭᠤᠰᠤᠮᠠᠯ ᠢ ᠡᠷᠭᠡᠪᠰᠢ ᠲᠤᠤᠷ᠎ᠠ ᠨᠢ ᠨᠠᠶᠢᠷᠠᠭᠤᠯᠵᠦ᠂ ᠲᠤᠤᠷ᠎ᠠ ᠨᠢ ᠬᠡᠷᠡᠭᠯᠡᠭᠦ ᠬᠡᠷᠡᠭᠳᠡᠢ᠃ ᠬᠤᠷᠤᠭ᠎ᠠ ᠬᠠᠰᠢᠶ᠎ᠠ ᠶᠢᠨ ᠠᠷᠢᠭᠤᠤᠬᠠᠠᠯ ᠢ ᠡᠷᠭᠡᠪᠰᠢ ᠲᠤᠬᠳᠠᠬᠰᠠᠨ ᠬᠤᠭᠤᠴᠠᠭ᠎ᠠ ᠲᠠᠢ ᠬᠢᠵᠦ᠂ ᠡᠪᠡᠰᠦ ᠪᠤᠷᠳᠤᠭᠠᠨ ᠤ ᠤᠩᠭᠤᠴᠠ ᠰᠠᠪᠠ ᠶᠢ ᠤᠬᠢᠶᠠᠯᠭ᠎ᠠ ᠶᠢᠨ ᠡᠳ᠋ ᠢᠶᠠᠷ 7 ᠬᠤᠨᠤᠬ ᠲᠤ 1 ᠤᠳᠠᠭ᠎ᠠ ᠠᠷᠢᠭᠤᠳᠬᠠᠵᠦ ᠪᠠᠶᠢᠬᠤ ᠬᠡᠷᠡᠭᠳᠡᠢ᠃ ᠮᠠᠯ ᠵᠢᠭᠦᠷᠳᠡᠨ ᠢ ᠠᠷᠠᠴᠢᠯᠠᠨ ᠲᠡᠵᠢᠭᠡᠭᠦ ᠲᠤᠮᠤ ᠡᠷᠦᠭᠡ ᠲᠤᠮᠤ ᠡᠭᠦᠳᠠ᠂ ᠬᠦᠮᠦᠨ ᠮᠠᠯ ᠤᠨ ᠤᠷᠤᠵᠦ ᠭᠠᠷᠬᠤ ᠡᠭᠦᠳᠠᠨ ᠳᠤ ᠠᠷᠢᠭᠤᠳᠬᠠᠯ ᠤᠨ ᠤᠩᠭᠤᠴᠠ᠂ ᠡᠰᠡᠭᠦᠯ᠎ᠠ ᠠᠷᠢᠭᠤᠳᠬᠠᠯ ᠤᠨ ᠬᠡᠪᠢᠰ ᠲᠡᠪᠢᠰᠴᠦ ᠪᠤᠯᠤᠨ᠎ᠠ᠃ ᠠᠷᠢᠭᠤᠳᠬᠠᠯ ᠤᠨ ᠰᠢᠩᠭᠡᠨ᠂ ᠠᠷᠢᠭᠤᠳᠬᠠᠯ ᠤᠨ ᠬᠡᠪᠢᠰ ᠢ ᠦᠷᠭᠦᠯᠵᠢ ᠰᠤᠯᠢᠵᠦ᠂ ᠰᠢᠨ᠎ᠠ ᠰᠤᠷᠭᠤᠭ ᠴᠡᠪᠡᠷ ᠪᠠᠶᠢᠬᠤ ᠶᠢ ᠪᠠᠳᠤᠯᠠᠨ᠎ᠠ᠃ ᠡᠩ ᠤᠨ ᠦᠶ᠎ᠠ ᠳᠤ ᠬᠡᠷᠪᠡ ᠭᠠᠳᠠᠨ᠎ᠠ ᠶᠢᠨ ᠬᠦᠮᠦᠨ᠂ ᠲᠡᠷᠭᠡ ᠤᠨᠤᠭ᠎ᠠ ᠤᠷᠤᠵᠦ ᠭᠠᠷᠤᠬᠰᠠᠨ ᠪᠠᠶᠢᠪᠠᠯ ᠡᠷᠭᠡᠪᠰᠢ ᠴᠢᠩᠭ᠎ᠠ ᠠᠷᠢᠭᠤᠳᠬᠠᠬᠤ ᠠᠷᠭ᠎ᠠ ᠶᠢ ᠠᠪᠤᠨ᠎ᠠ᠃              ᠲᠠᠪᠤ᠂ ᠦᠯᠦ ᠬᠠᠯᠳᠠᠭᠠᠬᠤ ᠲᠠᠷᠢᠯᠭ᠎ᠠ ᠲᠠᠷᠢᠬᠤ᠃              ᠡᠪᠤᠯ ᠬᠠᠪᠤᠷ ᠤᠨ ᠤᠯᠠᠷᠢᠯ ᠳᠤ ᠮᠠᠯ ᠵᠢᠭᠦᠷᠳᠡᠨ ᠤ ᠦᠯᠦ ᠬᠠᠯᠳᠠᠭᠠᠬᠤ ᠴᠢᠳᠠᠯ ᠢ ᠡᠷᠳᠡ ᠲᠡᠭᠡᠭᠰᠢᠯᠡᠭᠦᠯᠦᠨ᠎ᠠ᠃ ᠦᠯᠦ ᠬᠠᠯᠳᠠᠭᠠᠬᠤ ᠲᠠᠷᠢᠯᠭ᠎ᠠ ᠬᠢᠬᠦ ᠳᠤ ᠡᠷᠭᠡᠪᠰᠢ ᠴᠢᠩᠭ᠎ᠠ ᠱᠠᠭᠠᠷᠳᠠᠯᠭ᠎ᠠ ᠪᠠ ᠠᠯᠬᠤᠮ ᠲᠠᠷᠠᠭ᠎ᠠ ᠪᠠᠷ ᠠᠵᠢᠯᠯᠠᠬᠤ ᠪᠦᠭᠡᠳ ᠲᠠᠩᠰᠠ ᠵᠤᠬᠢᠶᠠᠨ ᠲᠡᠮᠳᠡᠭᠯᠡᠯ ᠬᠢᠵᠦ᠂ ᠦᠯᠦ ᠬᠠᠯᠳᠠᠭᠠᠬᠰᠠᠨ ᠲᠡᠮᠳᠡᠭ ᠵᠡᠭᠦᠯᠭᠡᠵᠦ ᠂ ᠮᠠᠯ ᠵᠢᠭᠦᠷᠳᠡᠨ ᠤ ᠦᠯᠦ ᠬᠠᠯᠳᠠᠭᠠᠬᠤ ᠨᠢᠬᠳᠠᠴᠠ ᠶᠢ ᠡᠷᠭᠡᠪᠰᠢ 100% ᠲᠤ ᠬᠦᠷᠭᠡᠨ᠎ᠠ᠃                                             ᠣᠯᠠᠭᠠᠨᠬᠳᠠ  ᠮᠤᠩᠭᠤᠯ ᠰᠦᠯᠵᠢᠶ᠎ᠠ
 
ᠢᠷᠡᠯᠲᠡ᠄ ᠤᠯᠠᠭᠠᠨᠬᠠᠲᠠ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号