ᠬᠡᠪᠢᠰ ᠤᠨ ᠭᠬᠢᠷ ᠪᠤᠷᠳᠠᠭ ᠢ ᠠᠷᠢᠯᠭᠠᠬᠤ ᠤᠷᠠᠨ ᠠᠷᠭ᠎ᠠ
ᠨᠡᠶᠢᠲᠡᠯᠡᠭᠰᠡᠨ ᠴᠠᠭ᠄
2019/5/31
         ᠬᠡᠪᠢᠰ ᠨᠢ ᠨᠡᠯᠢᠶᠡᠳ ᠶᠡᠭᠡ ᠲᠡᠭᠡᠷ᠎ᠡ ᠠᠴᠠ ᠤᠰᠤ ᠰᠤᠷᠤᠪᠠᠯ ᠨᠡᠩ ᠬᠦᠨᠳᠦ ᠪᠤᠯᠳᠠᠭ ᠠᠴᠠ ᠤᠬᠢᠶᠠᠬᠤ ᠪᠠ  ᠬᠠᠳᠠᠭᠠᠬᠤ ᠳᠤ ᠲᠤᠩ ᠲᠦᠬᠦᠮ ᠦᠬᠡᠢ ᠪᠠᠶᠢᠳᠠᠭ᠃ ᠦᠨᠡᠨ ᠳᠡᠭᠡᠨ ᠬᠡᠪᠢᠰ ᠢ ᠤᠬᠢᠶᠠᠬᠤ ᠳᠤ ᠪᠠᠰᠠ ᠲᠦᠬᠦᠮ ᠠᠷᠭ᠎ᠠ ᠪᠤᠢ᠄         ᠤᠬᠢᠶᠠᠬᠤ ᠠᠷᠭ᠎ᠠ         1᠂ 250 — 300 ᠭᠷᠠᠮ ᠭᠤᠯᠢᠷ᠂ 40 — 50 ᠭᠷᠠᠮ ᠨᠠᠷᠢᠯᠢᠭ ᠲᠠᠪᠤᠰᠤ ᠪᠠ ᠵᠤᠭᠠᠩ ᠤᠨ  ᠲᠠᠯᠬ᠎ᠠ ᠲᠡᠭᠡᠷ᠎ᠡ ᠤᠰᠤ ᠨᠡᠮᠡᠵᠦ ᠵᠢᠭᠤᠷᠠᠭᠠᠳ ᠵᠤᠳᠠᠩ ᠬᠡᠯᠪᠡᠷᠢᠳᠡᠢ ᠪᠤᠯᠭᠠᠵᠤ᠂ ᠲᠡᠭᠡᠷ᠎ᠡ ᠨᠢ ᠪᠠᠭ᠎ᠠ ᠬᠡᠮᠵᠢᠶᠡᠨ ᠤ  ᠠᠷᠢᠬᠢ ᠨᠡᠮᠡᠵᠦ᠂ ᠭᠠᠯ ᠲᠡᠭᠡᠷ᠎ᠡ ᠬᠠᠯᠠᠭᠠᠵᠤ ᠨᠠᠭᠠᠯᠳᠠ ᠪᠤᠯᠭᠠᠨ᠎ᠠ᠂ ᠬᠦᠷᠦᠭᠰᠡᠨ ᠤ ᠰᠡᠬᠦᠯᠡᠷ ︽ᠬᠠᠳᠠᠭᠰᠠᠨ ᠨᠠᠭᠠᠯᠳᠠ  ︾ ᠮᠡᠳᠦ ᠪᠤᠯᠳᠠᠭ᠃ ︽ᠨᠠᠭᠠᠯᠳᠠ︾ ᠪᠠᠨ ᠬᠡᠪᠢᠰ ᠤᠨ ᠭᠬᠢᠷ ᠪᠤᠷᠳᠠᠭ ᠲᠠᠢ ᠬᠡᠰᠡᠭ ᠲᠤ ᠰᠠᠴᠤᠵᠤ᠂ ᠲᠠᠬᠢᠨ ᠴᠡᠪᠡᠷ ᠱᠤᠸᠠᠰᠠ ᠪᠤᠶᠤ ᠴᠡᠯᠮᠡᠨ ᠪᠦᠰ ᠢᠶᠠᠷ ︽ᠨᠠᠭᠠᠯᠳᠠ︾ ᠶᠢ ᠲᠠᠯᠬ᠎ᠠ ᠪᠤᠯᠳᠠᠯ᠎ᠠ ᠠᠷᠴᠢᠵᠤ᠂ ᠬᠡᠪᠢᠰ ᠢ ᠴᠡᠪᠡᠷ ᠪᠤᠯᠳᠠᠯ᠎ᠠ ᠠᠷᠴᠢᠨ᠎ᠠ᠃ ᠬᠠᠮᠤᠭ ᠰᠡᠬᠦᠯ ᠳᠤ᠂ ᠲᠤᠭᠤᠰᠤᠨ ᠰᠤᠷᠤᠭᠤᠯ ᠢᠶᠠᠷ ᠦᠷᠦᠪᠳᠡᠰᠦ ᠶᠢ ᠰᠤᠷᠤᠵᠤ ᠠᠷᠢᠯᠭᠠᠪᠠᠯ ᠲᠠᠷᠤᠢ  ᠪᠤᠯᠴᠢᠬᠠᠨ᠎ᠠ᠃         2᠂ ᠵᠤᠬᠢᠬᠤ ᠬᠡᠮᠵᠢᠶᠡᠨ ᠤ ᠨᠠᠷᠢᠯᠢᠭ ᠲᠠᠪᠤᠰᠤ ᠶᠢ ᠬᠡᠪᠢᠰ ᠲᠡᠭᠡᠷ᠎ᠡ ᠰᠠᠴᠤᠵᠤ᠂ ᠨᠦᠢᠳᠠᠨ ᠴᠡᠪᠡᠷ  ᠱᠦᠬᠦᠷ ᠢᠶᠠᠷ ᠨᠠᠷᠢᠯᠢᠭ ᠲᠠᠪᠤᠰᠤ ᠶᠢ ᠬᠡᠪᠢᠰ ᠲᠡᠭᠡᠷ᠎ᠡ ᠵᠢᠭᠳᠡ ᠦᠷᠦᠨ᠎ᠡ᠂ ᠪᠠᠷᠤᠭ 10 ᠮᠢᠨᠦ᠋ᠲ ᠤᠨ ᠲᠠᠷᠠᠭ᠎ᠠ ᠲᠤᠭᠤᠰᠤᠨ ᠰᠤᠷᠤᠭᠤᠯ ᠢᠶᠠᠷ ᠲᠠᠪᠤᠰᠤ ᠪᠠ ᠲᠤᠭᠤᠰᠦ ᠰᠢᠷᠤᠢ ᠶᠢ ᠰᠤᠷᠤᠪᠠᠯ ᠬᠡᠪᠢᠰ ᠨᠢ ᠲᠠᠷᠤᠢ ᠴᠡᠪᠡᠷᠬᠡᠨ  ᠪᠤᠯᠴᠢᠬᠠᠨ᠎ᠠ᠃ ᠬᠡᠷᠪᠡ ᠬᠡᠷ ᠲᠤ ᠴᠢᠨᠢ ᠲᠤᠭᠤᠰᠤᠨ ᠰᠤᠷᠤᠭᠤᠯ ᠦᠬᠡᠢ ᠪᠤᠯ ᠨᠦᠢᠳᠠᠨ ᠱᠦᠬᠦᠷ ᠢᠶᠠᠷ ᠲᠠᠬᠢᠨ ᠲᠠᠪᠳᠠᠨ ᠱᠦᠬᠦᠷᠳᠡᠵᠦ᠂ ᠬᠡᠪᠢᠰ ᠲᠡᠭᠡᠷᠡᠬᠢ ᠲᠠᠪᠤᠰᠤ ᠶᠢ ᠪᠦᠷᠢᠮᠦᠰᠦᠨ ᠠᠷᠢᠯᠭᠠᠨ᠎ᠠ᠃ ᠠᠩᠬᠠᠷᠬᠤ ᠨᠢ᠂ ᠬᠡᠪᠢᠰ ᠲᠡᠭᠡᠷᠡᠬᠢ ᠨᠠᠷᠢᠯᠢᠭ ᠲᠠᠪᠤᠰᠤ ᠶᠢ ᠱᠦᠬᠦᠷᠳᠡᠬᠦ ᠳᠤ᠂ ᠱᠦᠬᠦᠷ ᠢ ᠴᠡᠪᠡᠷᠬᠡᠨ ᠪᠠᠶᠢᠯᠭᠠᠬᠤ ᠶᠢᠨ ᠲᠦᠯᠦᠬᠡᠠ ᠵᠢᠭᠠᠬᠠᠨ  ᠱᠦᠬᠦᠷᠳᠡᠪᠡᠯ ᠲᠠᠷᠤᠢ ᠨᠢᠬᠡ ᠤᠳᠠᠭ᠎ᠠ ᠤᠰᠤᠨ ᠳᠤ ᠤᠬᠢᠶᠠᠬᠤ ᠮᠦᠷᠳᠡᠬᠡᠨ ᠤᠰᠤ ᠶᠢ ᠨᠢ ᠬᠦᠴᠦᠳᠡᠢ ᠰᠠᠵᠢᠯᠠᠵᠤ ᠭᠠᠷᠭᠠᠨ ᠲᠡᠬᠦᠨ ᠢ ᠨᠦᠢᠳᠠᠨ ᠪᠤᠯᠪᠠᠴᠤ ᠤᠰᠤ ᠲᠤᠰᠤᠯᠠᠬᠤ ᠦᠬᠡᠢ ᠪᠠᠶᠢᠬᠤ ᠪᠠᠷ ᠪᠠᠷᠢᠮᠵᠢᠶᠠᠯᠠᠨ᠎ᠠ᠃         ᠭᠬᠢᠷ ᠪᠤᠷᠳᠠᠭ ᠢ ᠠᠷᠢᠯᠭᠠᠬᠤ ᠤᠷᠠᠨ ᠠᠷᠭ᠎ᠠ         1᠂ ᠴᠠᠢ᠂ ᠺᠤᠹᠧ᠂ ᠵᠢᠶᠠᠩᠶ᠋ᠢᠤ ᠪᠤᠶᠤ ᠫᠢᠪ ᠵᠡᠷᠬᠡ ᠭᠬᠢᠷ ᠪᠤᠷᠳᠠᠭ ᠢ ᠠᠷᠢᠯᠭᠠᠬᠤ ᠳᠤ ᠬᠡᠪᠢᠰ ᠤᠨ  ᠲᠤᠰᠬᠠᠢ ᠤᠬᠢᠶᠠᠬᠤ ᠰᠢᠩᠬᠡᠨ᠂ ᠪᠤᠷ ᠤᠨ ᠰᠢᠩᠬᠡᠨ ᠪᠤᠶᠤ ᠤᠬᠢᠶᠠᠯ ᠤᠨ ᠰᠢᠩᠬᠡᠨ ᠵᠡᠷᠬᠡ ᠤᠬᠢᠶᠠᠯ ᠤᠨ ᠡᠳ᠋ ᠢᠶᠠᠷ  ᠲᠠᠬᠢᠨ ᠲᠠᠪᠳᠠᠨ ᠱᠤᠸᠠᠰᠠᠳᠠᠵᠤ ᠤᠬᠢᠶᠠᠨ᠂ ᠲᠠᠬᠢᠨ ᠴᠡᠪᠡᠷ ᠤᠰᠤ ᠪᠠᠷ ᠤᠬᠢᠶᠠᠪᠠᠯ ᠲᠠᠷᠤᠢ ᠠᠷᠢᠯᠴᠢᠬᠠᠨ᠎ᠠ᠃         2᠂ ᠲᠦᠪᠡᠳ ᠬᠠᠰᠢ ᠶᠢᠨ ᠡᠬᠡᠳᠡᠩ᠂ ᠵᠢᠶᠠᠩ ᠤᠨ ᠰᠢᠬᠦᠰᠦ ᠵᠡᠷᠬᠡ ᠨᠢᠯᠴᠠᠭᠠᠢ ᠪᠤᠳᠠᠰ ᠢ  ᠠᠷᠢᠯᠭᠠᠬᠤ ᠳᠤ ᠬᠤᠭᠤᠯᠠᠨ ᠤ ᠴᠠᠭᠠᠰᠤ ᠵᠡᠷᠬᠡ ᠤᠰᠤ ᠰᠤᠷᠤᠬᠤ ᠴᠢᠳᠠᠪᠤᠷᠢ ᠪᠠᠷ ᠴᠢᠩᠭ᠎ᠠ ᠡᠳ᠋ ᠢᠶᠠᠷ ᠤᠷᠢᠳᠠᠪᠡᠷ ᠭᠬᠢᠷ ᠪᠤᠷᠳᠠᠭ ᠢ ᠰᠤᠷᠤᠵᠤ ᠠᠷᠢᠯᠭᠠᠨ᠂ ᠲᠠᠷᠠᠭ᠎ᠠ ᠨᠢ ᠦᠰᠦᠨ ᠱᠤᠸᠠᠰᠠ ᠪᠠᠷ ᠲᠠᠬᠢᠨ ᠲᠠᠪᠳᠠᠨ ᠱᠤᠸᠠᠰᠠᠳᠠᠵᠤ ᠤᠬᠢᠶᠠᠨ᠂  ᠲᠠᠬᠢᠨ ᠴᠡᠪᠡᠷ ᠤᠰᠤ ᠪᠠᠷ ᠤᠬᠢᠶᠠᠪᠠᠯ ᠲᠠᠷᠤᠢ ᠪᠤᠯᠴᠢᠬᠠᠨ᠎ᠠ᠃         3᠂ ᠦᠨᠳᠡᠬᠡᠨ ᠴᠠᠭᠠᠨ᠂ ᠦᠨᠢᠶᠡᠨ ᠰᠦ᠂ ᠮᠦᠰᠦᠮᠡᠯᠵᠢ ᠵᠡᠷᠬᠡ ᠲᠤᠰᠤᠨ ᠤ ᠵᠦᠢᠯ ᠤᠨ ᠭᠬᠢᠷ ᠪᠤᠷᠳᠠᠭ ᠢ  ᠠᠷᠢᠯᠭᠠᠬᠤ ᠳᠤ ᠤᠷᠢᠳᠠᠪᠡᠷ ᠪᠦᠯᠢᠶᠡᠨ ᠤᠰᠤ ᠪᠠ ᠤᠬᠢᠶᠠᠯᠭ᠎ᠠ ᠶᠢᠨ ᠰᠢᠩᠬᠡᠨ ᠢᠶᠠᠷ ᠱᠤᠸᠠᠰᠠᠳᠠᠵᠤ ᠤᠬᠢᠶᠠᠨ  ᠲᠠᠷᠠᠭ᠎ᠠ ᠨᠢ ᠲᠤᠰᠬᠠᠢ ᠬᠡᠷᠡᠭᠯᠡᠳᠡᠭ ᠲᠡᠭᠳᠡᠮᠡᠬᠡᠢ ᠴᠢᠨᠠᠷᠳᠠᠢ ᠲᠤᠰᠤ ᠠᠷᠢᠯᠭᠠᠬᠤ ᠰᠢᠩᠬᠡᠨ ᠢᠶᠠᠷ ᠲᠤᠰᠤ ᠶᠢ ᠨᠢ  ᠠᠷᠢᠯᠭᠠᠨ᠎ᠠ᠃ ᠰᠠᠨᠠᠭᠤᠯᠬᠤ ᠨᠢ᠄ ᠬᠠᠯᠠᠭᠤᠨ ᠤᠰᠤ ᠬᠡᠷᠡᠭᠯᠡᠵᠦ ᠪᠤᠯᠬᠤ ᠦᠬᠡᠢ᠃ ᠤᠴᠢᠷ ᠨᠢ ᠤᠭᠤᠷᠠᠭ ᠨᠢ ᠬᠠᠯᠠᠪᠠᠯ  ᠠᠮᠠᠷᠬᠠᠨ ᠬᠠᠳᠠᠭᠤᠷᠠᠵᠤ᠂ ᠠᠷᠢᠯᠭᠠᠬᠤ ᠳᠤ ᠬᠦᠴᠢᠷ ᠪᠤᠯᠬᠤ ᠮᠦᠷᠳᠡᠬᠡᠨ ᠬᠡᠪᠢᠰ ᠤᠨ ᠬᠡᠯᠪᠡᠷᠢ ᠲᠦᠷᠰᠦ ᠶᠢ ᠪᠠᠰᠠ  ᠬᠤᠪᠢᠷᠠᠭᠠᠬᠤ ᠪᠤᠯᠤᠨ᠎ᠠ᠃          ᠬᠡᠪᠢᠰ ᠨᠢ ᠬᠠᠷᠢᠮᠠᠬᠠᠢ ᠴᠢᠨᠠᠷ ᠲᠠᠢ᠂ ᠦᠵᠡᠮᠵᠢᠳᠡᠢ ᠮᠦᠷᠳᠡᠬᠡᠨ ᠲᠠᠭᠤ ᠨᠠᠮᠳᠠᠭᠠᠬᠤ ᠵᠡᠷᠬᠡ ᠰᠠᠶᠢᠨ ᠲᠠᠢ ᠲᠠᠯ᠎ᠠ ᠪᠠᠶᠢᠳᠠᠭ᠂ ᠬᠡᠳᠦ᠋ᠢᠪᠡᠷ ᠤᠬᠢᠶᠠᠵᠤ ᠴᠡᠪᠡᠷᠯᠡᠬᠦ ᠳᠤ ᠶᠠᠷᠰᠢᠭ ᠲᠠᠢ ᠪᠤᠯᠪᠠᠴᠤ ᠴᠠᠭ ᠲᠤᠬᠠᠢ ᠳᠤᠨᠢ ᠬᠤᠭ ᠲᠤᠭᠤᠰᠤ ᠶᠢ ᠨᠢ ᠠᠷᠢᠯᠭᠠᠵᠤ ᠴᠡᠪᠡᠷᠯᠡᠨ᠂ ᠵᠤᠬᠢᠰᠳᠠᠢ ᠠᠷᠠᠴᠢᠯᠠᠵᠤ ᠬᠠᠮᠠᠭᠠᠯᠠᠪᠠᠯ ᠬᠡᠪᠢᠰ ᠤᠨ ᠡᠳ᠋ᠯᠡᠬᠦ  ᠬᠤᠭᠤᠴᠠᠭ᠎ᠠ ᠶᠢ ᠤᠷᠳᠤᠳᠬᠠᠵᠤ ᠪᠤᠯᠬᠤ ᠶᠤᠮ᠃
 
ᠢᠷᠡᠯᠲᠡ᠄ ᠤᠯᠠᠭᠠᠨᠬᠠᠲᠠ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号