ᠡᠯᠧᠺᠲᠷᠤᠨ ᠲᠠᠮᠠᠬᠢ ᠵᠢᠷᠦᠬᠡᠨ ᠡᠪᠡᠳᠴᠢᠨ ᠤ ᠲᠦᠭᠰᠢᠭᠦᠷᠢ ᠶᠢ ᠨᠡᠮᠡᠭᠳᠡᠭᠦᠯᠬᠦ  ᠪᠣᠯᠤᠯᠴᠠᠭ᠎ᠠ ᠲᠠᠢ
ᠨᠡᠶᠢᠲᠡᠯᠡᠭᠰᠡᠨ ᠴᠠᠭ᠄
2019/7/10
          ᠠᠮᠧᠷᠢᠺᠠ ᠶᠢᠨ ᠬᠠᠮᠤᠭ ᠤᠨ  ᠰᠢᠨ᠎ᠡ  ᠨᠢᠭᠡᠨ  ᠰᠤᠳᠤᠯᠭᠠᠨ ᠳᠤ᠂  ᠡᠯᠧᠺᠲᠷᠤᠨ  ᠲᠠᠮᠠᠬᠢᠨ ᠤ  ᠠᠩᠬᠢᠯᠤᠮ᠎ᠠ  ᠦᠨᠦᠷᠳᠦ  ᠰᠢᠩᠭᠡᠨ ᠪᠡᠶᠡᠳᠦ ᠨᠢ ᠳᠣᠲᠣᠷ ᠬᠠᠯᠢᠰᠤᠨ ᠤ ᠡᠰ ᠤᠨ ᠴᠢᠳᠠᠮᠵᠢ ᠶᠢ  ᠡᠪᠳᠡᠬᠦ ᠶᠢᠨ  ᠤᠯᠠᠮ ᠢᠶᠠᠷ  ᠵᠢᠷᠦᠬᠡᠨ  ᠡᠪᠡᠳᠴᠢᠨ ᠤ  ᠲᠦᠭᠰᠢᠭᠦᠷᠢ ᠶᠢ ᠨᠡᠮᠡᠭᠳᠡᠭᠦᠯᠵᠦ ᠮᠡᠳᠡᠨ᠎ᠡ ᠬᠡᠳᠡᠭ ᠢ ᠢᠯᠡᠷᠡᠬᠦᠯᠵᠡᠢ᠃          ᠰᠲ᠋ᠠᠨᠹᠤᠷᠳ᠋  ᠶᠡᠭᠡ  ᠰᠤᠷᠭᠠᠭᠤᠯᠢ ᠶᠢᠨ  ᠠᠨᠠᠭᠠᠬᠤ  ᠤᠬᠠᠭᠠᠨ ᠤ  ᠳᠡᠭᠡᠳᠦ  ᠰᠤᠷᠭᠠᠭᠤᠯᠢ  ᠵᠡᠷᠭᠡ  ᠪᠠᠶᠢᠭᠤᠯᠤᠮᠵᠢ ᠶᠢᠨ ᠰᠤᠳᠤᠯᠭᠠᠨ ᠤ ᠠᠵᠢᠯᠲᠠᠨ 27 ᠤ ᠡᠳᠦᠷ ︽ᠠᠮᠧᠷᠢᠺᠠ ᠶᠢᠨ ᠵᠢᠷᠦᠬᠡᠨ ᠡᠪᠡᠳᠴᠢᠨ ᠤ ᠰᠢᠨᠵᠢᠯᠡᠭᠡᠨ ᠤ ᠨᠡᠶᠢᠭᠡᠮᠯᠢᠭ ᠤᠨ  ᠰᠡᠳᠬᠦᠯ︾ ᠳᠡᠭᠡᠷ᠎ᠡ ᠮᠡᠳᠡᠭᠦᠯᠦᠯᠲᠡ ᠨᠡᠶᠢᠳᠡᠯᠡᠵᠦ ᠬᠡᠯᠡᠬᠦ ᠳᠡᠭᠡᠨ᠂ ᠲᠡᠳᠡ  ᠬᠥᠮᠥᠨ  ᠲᠥᠷᠥᠯᠬᠢᠲᠡᠨ ᠤ  ᠣᠯᠠᠨ  ᠴᠢᠳᠠᠮᠵᠢᠲᠤ  ᠰᠲ᠋ᠧᠮ  ᠡᠰ ᠢ ᠦᠳᠦᠭᠡᠵᠦ ᠪᠠᠶᠢᠭᠠᠳ  ᠳᠣᠲᠣᠷ  ᠬᠠᠯᠢᠰᠤᠨ ᠤ  ᠡᠰ ᠢ  ᠪᠤᠶᠢᠵᠢᠭᠤᠯᠵᠤ᠂  ᠨᠢᠺᠣᠲ᠋ᠢᠨ  ᠠᠭᠤᠯᠤᠭᠰᠠᠨ  ᠪᠤᠶᠤ  ᠨᠢᠺᠣᠲ᠋ᠢᠨ  ᠡᠰᠡ ᠠᠭᠤᠯᠤᠭᠰᠠᠨ 6  ᠵᠦᠢᠯ ᠤᠨ  ᠠᠳᠠᠯᠢ  ᠪᠤᠰᠤ  ᠬᠡᠯᠪᠡᠷᠢ ᠶᠢᠨ  ᠦᠷᠭᠦᠯᠵᠢ  ᠬᠠᠷᠠᠭᠳᠠᠳᠠᠭ  ᠡᠯᠧᠺᠲᠷᠤᠨ  ᠲᠡᠮᠡᠬᠢᠨ ᠤ  ᠰᠢᠩᠭᠡᠨ ᠪᠡᠶᠡᠳᠦ ᠲᠠᠢ ᠬᠦᠷᠦᠯᠴᠡᠭᠦᠯᠭᠦ ᠲᠤᠷᠰᠢᠯᠳᠠ ᠬᠢᠵᠡᠢ᠃ ᠳᠣᠲᠣᠷ ᠬᠠᠯᠢᠰᠤᠨ ᠤ ᠡᠰ ᠪᠣᠯ ᠵᠢᠷᠦᠬᠡ᠂ ᠴᠢᠰᠤᠨ ᠰᠤᠳᠠᠯ  ᠪᠠ  ᠯᠢᠮᠹᠠ ᠶᠢᠨ ᠰᠤᠳᠠᠰᠤᠨ ᠤ ᠥᠩᠭᠡᠨ ᠲᠠᠯ᠎ᠠ ᠶᠢᠨ ᠭᠤᠣᠯ ᠡᠰ ᠤᠨ ᠨᠢᠭᠡᠨ ᠵᠦᠢᠯ ᠤᠨ ᠲᠥᠷᠥᠯ ᠬᠡᠯᠪᠡᠷᠢ ᠪᠣᠯᠤᠨ᠎ᠠ᠃          ᠦᠷ᠎ᠡ ᠳ᠋ᠦᠩ ᠠᠴᠠ ᠨᠢ ᠠᠪᠴᠦ  ᠦᠵᠡᠪᠡᠯ᠂  ᠵᠢᠭᠠᠷᠲᠤ  ᠭᠠᠪᠢᠷ᠎ᠠ ᠶᠢᠨ  ᠦᠨᠦᠷ  ᠪᠠ  ᠪᠠᠳᠷᠠᠰᠢ ᠶᠢᠨ  ᠠᠯᠺᠤᠤᠯ ᠤᠨ ᠦᠨᠦᠷ ᠲᠠᠢ ᠡᠯᠧᠺᠲᠷᠤᠨ ᠲᠡᠮᠡᠬᠢᠨ ᠤ ᠰᠢᠩᠭᠡᠨ ᠪᠡᠶᠡᠳᠦ ᠳᠤ ᠬᠦᠷᠦᠯᠴᠡᠭᠰᠡᠨ ᠤ ᠳᠠᠷᠠᠭ᠎ᠠ᠂ ᠨᠢᠺᠣᠲ᠋ᠢᠨ ᠠᠭᠤᠯᠬᠤ ᠦᠭᠡᠢ ᠴᠦ ᠭᠡᠰᠡᠨ ᠳᠣᠲᠣᠷ ᠬᠠᠯᠢᠰᠤᠨ ᠤ ᠡᠰ ᠤᠨ ᠠᠮᠢᠵᠢᠷᠠᠯ ᠤᠨ ᠬᠦᠴᠦᠨ ᠨᠢ ᠮᠡᠳᠡᠭᠳᠡᠮ᠎ᠡ ᠪᠠᠭᠤᠷᠠᠬᠤ  ᠮᠦᠷᠳᠡᠭᠡᠨ  ᠳᠣᠲᠣᠷ  ᠬᠠᠯᠢᠰᠤᠨ ᠤ  ᠡᠰ ᠤᠨ ᠬᠢᠯᠭᠠᠰᠤᠨ ᠰᠤᠳᠠᠯ ᠤᠨ ᠬᠡᠯᠪᠡᠷᠢᠲᠦ ᠭᠤᠤᠷᠰᠤᠯᠢᠭ ᠪᠦᠲᠦᠴᠡ ᠪᠤᠢ ᠪᠣᠯᠬᠤ  ᠴᠢᠳᠠᠪᠤᠷᠢ ᠨᠢ  ᠴᠦ  ᠨᠥᠯᠥᠭᠡᠯᠡᠭᠳᠡᠵᠦ  ᠪᠤᠢ᠂  ᠡᠶᠢᠮᠦ ᠪᠦᠲᠦᠴᠡ ᠨᠢ ᠰᠢᠨ᠎ᠡ ᠴᠢᠰᠤᠨ ᠰᠤᠳᠠᠯ ᠪᠤᠢ ᠪᠤᠯᠬᠤ ᠲᠠᠢ ᠬᠤᠯᠪᠣᠭ᠎ᠠ ᠲᠠᠢ ᠪᠠᠶᠢᠳᠠᠬ᠃ ᠪᠤᠰᠤᠳ ᠠᠩᠬᠢᠯᠤᠮ᠎ᠠ ᠦᠨᠦᠷᠲᠦ ᠬᠡᠯᠪᠡᠷᠢ ᠶᠢᠨ ᠰᠢᠩᠭᠡᠨ ᠪᠡᠶᠡᠳᠦ ᠨᠢ ᠪᠠᠰᠠ ᠳᠣᠲᠣᠷ ᠬᠠᠯᠢᠰᠤᠨ ᠤ ᠡᠰ ᠲᠤ ᠵᠣᠬᠢᠬᠤ ᠬᠡᠮᠵᠢᠶᠡᠨ ᠤ ᠬᠤᠤᠷᠳᠠᠭᠤᠯᠤᠯ ᠤᠴᠠᠷᠠᠭᠤᠯᠵᠦ ᠪᠤᠢ᠃         ᠵᠢᠭᠠᠷᠲᠤ ᠭᠠᠪᠢᠷ᠎ᠠ ᠶᠢᠨ ᠦᠨᠦᠷ ᠪᠠ ᠬᠡᠦᠷᠡᠰᠦ ᠰᠢᠬᠢᠷ ᠤᠨ ᠦᠨᠦᠷᠲᠦ ᠡᠪᠡᠰᠦᠨ ᠤ ᠦᠨᠦᠷ ᠲᠠᠢ ᠡᠯᠧᠺᠲᠷᠤᠨ ᠲᠠᠮᠠᠬᠢᠨ ᠤ ᠰᠢᠩᠭᠡᠨ ᠪᠡᠶᠡᠳᠦ ᠨᠢ ᠪᠠᠰᠠ ᠳᠣᠲᠣᠷ ᠬᠠᠯᠢᠰᠤᠨ ᠤ ᠡᠰ ᠤᠨ ᠳᠣᠣᠷ᠎ᠠ ᠨᠢᠭᠲᠠᠴᠠᠳᠤ ᠥᠭᠡᠬᠦᠨ ᠤᠭᠤᠷᠠᠭ ᠪᠠ ᠥᠭᠡᠬᠦ ᠶᠢᠨ  ᠵᠦᠢᠯ ᠢ ᠰᠢᠩᠭᠡᠭᠡᠨ ᠠᠪᠬᠤ ᠴᠢᠳᠠᠪᠤᠷᠢ ᠶᠢ ᠨᠡᠮᠡᠭᠳᠡᠭᠦᠯᠵᠦ ᠪᠠᠶᠢᠨ᠎ᠠ᠂ ᠡᠨᠡ ᠨᠢ  ᠶᠡᠷᠦ ᠳᠡᠭᠡᠨ  ᠳᠣᠲᠣᠷ  ᠬᠠᠯᠢᠰᠤᠨ ᠤ  ᠡᠰ ᠲᠤ  ᠦᠷᠪᠢᠰᠦᠯ ᠡᠭᠦᠰᠬᠦ ᠪᠠ ᠠᠵᠢᠯᠯᠠᠭ᠎ᠠ ᠨᠢ ᠬᠡᠪ ᠤᠨ ᠪᠠᠶᠢᠳᠠᠯ ᠢᠶᠠᠨ ᠠᠯᠳᠠᠬᠤ ᠲᠠᠢ ᠬᠤᠯᠪᠣᠭ᠎ᠠ ᠲᠠᠢ  ᠪᠠᠶᠢᠳᠠᠬ  ᠪᠥᠭᠡᠳ  ᠳᠣᠲᠣᠷ  ᠬᠠᠯᠢᠰᠤᠨ ᠤ ᠡᠰ ᠤᠨ ᠰᠢᠷᠬ᠎ᠠ ᠶᠢ ᠵᠠᠰᠠᠬᠤ ᠴᠢᠳᠠᠪᠤᠷᠢ ᠶᠢ ᠪᠠᠭᠤᠷᠠᠭᠤᠯᠳᠠᠭ᠃         ᠡᠭᠦᠨ ᠠᠴᠠ ᠭᠠᠳᠠᠨ᠎ᠠ᠂ ᠡᠯᠧᠺᠲᠷᠤᠨ ᠲᠡᠮᠡᠬᠢᠨ ᠤ ᠰᠢᠩᠭᠡᠨ ᠪᠡᠶᠡᠳᠦ ᠲᠠᠢ  ᠬᠦᠷᠦᠯᠴᠡᠪᠡᠯ  ᠪᠠᠰᠠ  ᠬᠦᠴᠢᠯᠲᠥ᠋ᠷᠥᠭᠴᠢᠬᠦᠢ ᠪᠥᠭᠡᠮ ᠰᠢᠬᠢᠷ ᠤᠨ ᠪᠥᠭᠡᠮ ᠬᠦᠴᠢᠯ ︵D N A︶ ᠢ ᠭᠡᠮᠲᠦᠭᠡᠬᠦ ᠪᠤᠶᠤ ᠡᠰ ᠤᠨ  ᠦᠬᠦᠵᠢᠯ ᠲᠠᠢ  ᠬᠠᠮᠢᠶᠠᠳᠠᠬᠤ  ᠮᠣᠯᠧᠺᠦ᠋ᠯ ᠤᠨ ᠲᠦᠪᠰᠢᠨ ᠢ ᠢᠯᠡᠳᠲᠡ ᠳᠡᠭᠡᠭᠰᠢᠯᠡᠭᠦᠯᠬᠦ ᠪᠤᠯᠤᠨ᠎ᠠ ᠬᠡᠵᠡᠢ᠃          ᠰᠤᠳᠤᠯᠭᠠᠲᠠᠳ ᠠᠴᠠ ᠡᠯᠧᠺᠲᠷᠤᠨ  ᠲᠠᠮᠠᠬᠢ ᠨᠢ  ᠮᠡᠬᠡᠯᠡᠬᠦ  ᠴᠢᠨᠠᠷ ᠲᠠᠢ  ᠪᠠᠶᠢᠳᠠᠬ  ᠪᠣᠯᠬᠤᠷ  ᠬᠥᠮᠦᠰ ᠢ  ᠣᠬᠤᠷᠬᠠᠨ ᠬᠤᠭᠤᠴᠠᠭᠠᠨ ᠳᠤ ᠨᠠᠩ ᠥᠨᠳᠥᠷ ᠬᠢᠷᠢ ᠲᠦᠪᠰᠢᠨ ᠪᠦᠬᠦᠢ ᠨᠢᠺᠣᠲ᠋ᠢᠨ ᠲᠠᠢ ᠠᠮᠠᠷᠬᠠᠨ ᠤᠶᠢᠷᠠᠳᠤᠭᠤᠯᠵᠤ ᠪᠤᠢ᠃ ᠡᠳᠡᠭᠡᠷ  ᠬᠢᠮᠢ ᠶᠢᠨ ᠪᠣᠳᠠᠰ ᠨᠢ ᠬᠦᠮᠦᠨ ᠤ ᠪᠡᠶ᠎ᠡ ᠶᠢᠨ ᠳᠣᠲᠣᠷ᠎ᠠ ᠡᠷᠭᠢᠯᠳᠦᠬᠦ ᠪᠦᠭᠡᠳ ᠵᠢᠷᠦᠬᠡ ᠴᠢᠰᠤᠨ ᠰᠤᠳᠠᠯ ᠤᠨ ᠡᠷᠡᠭᠦᠯ  ᠮᠡᠨᠳᠦ ᠶᠢ  ᠨᠥᠯᠥᠭᠡᠯᠡᠨ᠎ᠡ ᠬᠡᠳᠡᠭ ᠢ ᠡᠯᠧᠺᠲᠷᠤᠨ ᠲᠠᠮᠠᠬᠢ ᠲᠠᠳᠠᠵᠦ ᠪᠠᠶᠢᠭ᠎ᠠ ᠬᠦᠮᠦᠰ ᠲᠠᠨᠢᠵᠤ ᠣᠯᠬᠤ ᠬᠡᠷᠡᠭᠲᠡᠶ ᠬᠡᠵᠦ ᠰᠡᠷᠡᠮᠵᠢᠯᠡᠬᠦᠯᠦᠭᠰᠡᠨ ᠪᠠᠶᠢᠨ᠎ᠠ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号