| ᠤᠶᠢᠷ᠎ᠠ ᠳᠤ᠂ ᠨᠢᠩᠴᠧᠩ ᠰᠢᠶᠠᠨ ᠤ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠥᠪ ᠨᠢ ︽ | ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠬᠥᠳᠡᠭᠡ ᠲᠣᠰᠬᠤᠨ ᠮᠠᠯᠵᠢᠬᠤ ᠣᠷᠣᠨ ᠤ ᠤᠤᠭᠤᠬᠤ | ᠤᠰᠤᠨ ᠤ ᠴᠢᠨᠠᠷ ᠢ ᠬᠢᠨᠠᠨ ᠬᠡᠮᠵᠢᠬᠦ ᠠᠵᠢᠯ ᠶᠢᠨ ᠲᠥᠰᠦᠯ ᠢ ᠳᠠᠷᠤᠮᠠᠯᠯᠠᠨ ᠲᠠᠷᠬᠠᠭᠠᠬᠤ ᠲᠤᠬᠠᠢ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠮᠡᠳᠡᠭᠳᠡᠯ︾ | ᠤᠨ ᠱᠠᠭᠠᠷᠳᠠᠯᠭ᠎ᠠ ᠶᠣᠰᠣᠭᠠᠷ᠂ 6 ᠰᠠᠷ᠎ᠠ ᠶᠢᠨ 30 ᠤ ᠡᠳᠦᠷ ᠠᠴᠠ ᠡᠮᠦᠨ᠎ᠡ᠂ ᠪᠦᠬᠦ ᠰᠢᠶᠠᠨ ᠤ ᠬᠡᠪᠴᠢᠶᠠᠨ | ᠳᠣᠲᠣᠷᠠᠬᠢ 500 ᠰᠢᠬᠠᠮ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠲᠡᠶ ᠬᠥᠮᠦᠨ ᠠᠮᠠ ᠶᠢ ᠬᠠᠮᠤᠷᠤᠭᠰᠠᠨ | ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠤᠨ ᠤᠰᠤᠨ ᠤ ᠴᠢᠨᠠᠷ ᠤᠨ ᠵᠠᠭᠪᠤᠷ ᠢ ᠴᠤᠭᠯᠠᠭᠤᠯᠬᠤ ᠪᠠ ᠬᠢᠨᠠᠨ | ᠬᠡᠮᠵᠢᠬᠦ ᠠᠵᠢᠯ ᠢ ᠰᠠᠶᠢᠳᠤᠷ ᠪᠡᠶᠡᠯᠡᠭᠦᠯᠪᠡ᠃ | ᠲᠣᠰ ᠤᠳᠠᠭᠠᠨ ᠤ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠬᠥᠳᠡᠭᠡ ᠲᠣᠰᠬᠤᠨ ᠤ ᠤᠤᠭᠤᠬᠤ | ᠤᠰᠤᠨ ᠤ ᠴᠢᠨᠠᠷ ᠢ ᠪᠠᠶᠢᠴᠠᠭᠠᠨ ᠬᠡᠮᠵᠢᠬᠦ ᠠᠵᠢᠯ ᠢ ᠪᠡᠶᠡᠯᠡᠭᠦᠯᠵᠦ᠂ ︽ᠬᠤᠶᠠᠷ ᠲᠤ ᠵᠣᠪᠠᠭ᠋ᠤ ᠥᠬᠡᠶ ᠭᠤᠷᠪᠠ ᠶᠢ | ᠪᠠᠲᠤᠯᠠᠬᠤ︾ ᠲᠤᠪᠤᠶᠢᠮ᠎ᠠ ᠠᠰᠠᠭᠤᠳᠠᠯ ᠢ ᠦᠨᠡᠨᠬᠦ ᠰᠢᠢᠳᠪᠤᠷᠢᠯᠠᠵᠦ᠂ ᠳᠠᠩᠰᠠᠯᠠᠵᠤ ᠺᠠᠷᠲᠯᠠᠭᠰᠠᠨ ᠶᠠᠳᠠᠭᠤ | ᠬᠦᠴᠢᠷᠳᠡᠯᠲᠡᠶ ᠬᠥᠮᠦᠨ ᠠᠮᠠ ᠶᠢᠨ ᠤᠤᠭᠤᠬᠤ ᠤᠰᠤᠨ ᠤ ᠠᠮᠤᠷ ᠲᠦᠪᠰᠢᠨ ᠤ ᠣᠳᠣᠬᠢ ᠪᠠᠶᠢᠳᠠᠯ ᠢ ᠪᠦᠬᠦ | ᠲᠠᠯ᠎ᠠ ᠪᠠᠷ ᠵᠢᠭᠰᠠᠭᠠᠨ ᠪᠠᠶᠢᠴᠠᠭᠠᠵᠤ᠂ ᠤᠤᠭᠤᠬᠤ ᠤᠰᠤᠨ ᠤ ᠠᠮᠤᠷ ᠲᠦᠪᠰᠢᠨ ᠤ ᠬᠡᠮ ᠰᠣᠭᠤᠭ ᠢ ᠠᠷᠢᠯᠭᠠᠵᠤ᠂ | ᠬᠥᠳᠡᠭᠡ ᠲᠣᠰᠬᠤᠨ ᠤ ᠤᠤᠭᠤᠬᠤ ᠤᠰᠤᠨ ᠤ ᠠᠮᠤᠷ ᠲᠦᠪᠰᠢᠨ ᠢ ᠪᠠᠲᠤᠯᠠᠬᠤ ᠠᠵᠢᠯ ᠢ ᠴᠢᠩᠭᠠᠳᠬᠠᠵᠤ᠂ ᠲᠣᠰ | ᠰᠢᠶᠠᠨ ᠤ ᠤᠤᠭᠤᠬᠤ ᠤᠰᠤᠨ ᠤ ᠠᠮᠤᠷ ᠲᠦᠪᠰᠢᠨ ᠢ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ | ᠳᠠᠶᠢᠯᠠᠯᠳᠤᠭᠠᠨ ᠤ ᠢᠯᠠᠯᠲᠠ ᠶᠢ ᠪᠦᠬᠦ ᠲᠠᠯ᠎ᠠ ᠪᠠᠷ ᠲᠡᠮᠡᠴᠡᠨ ᠣᠯᠵᠤ᠂ ᠠᠷᠠᠳ ᠣᠯᠠᠨ ᠤ ᠤᠤᠭᠤᠬᠤ ᠤᠰᠤᠨ ᠤ | ᠠᠮᠤᠷ ᠲᠦᠪᠰᠢᠨ ᠢ ᠪᠠᠲᠤᠯᠠᠬᠤ ᠳᠤ ᠰᠢᠨᠵᠢᠯᠡᠬᠦ ᠤᠬᠠᠭᠠᠨᠴᠢ ᠦᠨᠳᠦᠰᠦᠯᠡᠯ ᠬᠠᠩᠭᠠᠪᠠ᠃ |