| | | ᠬᠠᠯᠳᠠᠪᠤᠷᠢᠳᠦ ᠡᠪᠡᠳᠴᠢᠨ ᠪᠤᠯ ᠡᠯ᠎ᠡ ᠵᠦᠢᠯ ᠤᠨ ᠡᠪᠡᠳᠴᠢᠨ ᠤ ᠠᠩᠬᠠᠨ ᠤ ᠪᠡᠶ᠎ᠡ ᠠᠴᠠ ᠢᠷᠡᠯᠳᠡ ᠲᠠᠢ ᠬᠦᠮᠦᠨ | ᠬᠢᠬᠡᠳ ᠬᠦᠮᠦᠨ᠂ ᠠᠮᠢᠳᠠᠨ ᠬᠢᠬᠡᠳ ᠠᠮᠢᠳᠠᠨ ᠪᠤᠶᠤ ᠬᠦᠮᠦᠨ ᠬᠢᠬᠡᠳ ᠠᠮᠢᠳᠠᠨ ᠤ ᠬᠤᠭᠤᠷᠤᠨᠳᠤ ᠪᠠᠨ ᠬᠠᠷᠢᠯᠴᠠᠨ | ᠲᠠᠮᠵᠢᠭᠳᠠᠳᠠᠭ ᠨᠢᠬᠡ ᠵᠦᠢᠯ ᠤᠨ ᠡᠮᠬᠡᠭ ᠡᠪᠡᠳᠴᠢᠨ ᠪᠤᠯᠤᠨ᠎ᠠ᠃ ᠬᠠᠯᠳᠠᠪᠤᠷᠢᠳᠦ ᠡᠪᠡᠳᠴᠢᠨ ᠨᠢ ᠬᠠᠯᠳᠠᠪᠤᠷᠢᠳᠦ | ᠪᠤᠳᠠᠭᠠᠯᠢ ᠪᠡᠶ᠎ᠡ ᠲᠠᠢ ᠰᠢᠭᠤᠳ ᠬᠦᠷᠦᠯᠴᠡᠬᠦ᠂ ᠬᠠᠯᠳᠠᠪᠤᠷᠢᠯᠠᠭᠰᠠᠳ ᠤᠨ ᠪᠡᠶ᠎ᠡ ᠶᠢᠨ ᠰᠢᠩᠬᠡᠨ ᠵᠢᠴᠢ ᠢᠯᠭᠠᠳᠠᠰᠤ | ᠡᠳ᠋᠂ ᠬᠠᠯᠳᠠᠪᠤᠷᠢᠯᠠᠭᠰᠠᠳ ᠤᠨ ᠪᠤᠵᠠᠷᠳᠠᠭᠰᠠᠨ ᠪᠤᠳᠠᠰ ᠤᠨ ᠬᠠᠯᠳᠠᠪᠤᠷᠢᠯᠡᠯ ᠠᠴᠠ ᠰᠢᠯᠳᠠᠭᠯᠠᠭᠳᠠᠨ᠂ ᠠᠭᠠᠷ ᠢᠶᠠᠷ | ᠲᠠᠮᠵᠢᠬᠤ᠂ ᠤᠰᠤᠨ ᠢᠷᠡᠯᠳᠡ ᠢᠶᠠᠷ ᠲᠠᠮᠵᠢᠬᠤ᠂ ᠢᠳᠡᠬᠡᠨ ᠤ ᠵᠦᠢᠯ ᠢᠶᠠᠷ ᠲᠠᠮᠵᠢᠬᠤ᠂ ᠬᠦᠷᠦᠯᠴᠡᠬᠦ ᠠᠴᠠ ᠲᠠᠮᠵᠢᠬᠤ | ᠂ ᠬᠦᠷᠦᠰᠦ ᠰᠢᠷᠤᠢ ᠪᠠᠷ ᠲᠠᠮᠵᠢᠬᠤ᠂ ᠰᠢᠭᠤᠳ ᠬᠠᠷᠢᠶᠠᠯᠠᠯ ᠢᠶᠠᠷ ᠲᠠᠮᠵᠢᠬᠤ ︵ᠡᠬᠡ ᠨᠢᠯᠬᠠᠰ︶ ᠵᠡᠷᠬᠡ ᠪᠤᠯᠤᠨ᠎ᠠ᠃ | ᠡᠳᠦᠷ ᠲᠤᠳᠤᠮ ᠤᠨ ᠠᠮᠢᠳᠤᠷᠠᠯ ᠲᠤᠮᠳᠠ᠂ ᠬᠠᠯᠳᠠᠪᠤᠷᠢᠳᠦ ᠡᠪᠡᠳᠴᠢᠨ ᠢ ᠰᠡᠷᠬᠡᠶᠢᠯᠡᠬᠦ ᠳᠤ᠂ ᠪᠢᠳᠡ ᠶᠠᠭᠤ ᠶᠢ | ᠬᠢᠪᠡᠯ ᠵᠤᠬᠢᠬᠤ ᠪᠤᠢ︖ ᠭᠠᠷ ᠢᠶᠠᠨ ᠦᠷᠬᠦᠯᠵᠢ ᠤᠬᠢᠶᠠᠵᠤ᠂ ᠬᠦᠮᠦᠨ ᠤᠯᠠᠨ ᠴᠤᠭᠯᠠᠳᠠᠭ ᠲᠠᠯᠠᠪᠤᠷ ᠪᠠ ᠤᠯᠠᠨ | ᠨᠡᠶᠢᠳᠡ ᠶᠢᠨ ᠲᠠᠯᠠᠪᠠᠢ ᠳᠤ ᠤᠴᠢᠬᠤ ᠦᠬᠡᠢ ᠪᠤᠶᠤ ᠴᠦᠬᠡᠨ ᠤᠴᠢᠵᠤ᠂ ᠬᠦᠢᠳᠡᠨ ᠤᠰᠤ ᠤᠤᠭᠤᠬᠤ ᠦᠬᠡᠢ᠂ | ᠲᠦᠬᠦᠬᠡᠢ ᠢᠳᠡᠬᠡᠨ ᠢᠳᠡᠬᠦ ᠦᠶ᠎ᠡ ᠳᠤ ᠲᠤᠤᠱᠳᠠᠢ ᠤᠬᠢᠶᠠᠵᠤ ᠴᠡᠪᠡᠷᠯᠡᠨ᠂ ᠬᠤᠪᠢ ᠬᠦᠮᠦᠨ ᠤ ᠵᠦᠢᠯᠡᠰ ᠢᠶᠠᠨ | ᠬᠠᠮᠳᠤᠪᠡᠷ ᠬᠡᠷᠡᠭᠯᠡᠬᠦ ᠦᠬᠡᠢ᠂ ᠠᠮᠤᠷ ᠲᠦᠪᠰᠢᠨ ᠢᠶᠠᠷ ᠪᠡᠯᠬᠡ ᠶᠢᠨ ᠠᠵᠢᠯᠯᠠᠭ᠎ᠠ ᠬᠢᠵᠤ᠂ ᠵᠢᠩᠬᠢᠨᠢ ᠪᠤᠰᠤ ᠵᠢᠰᠦ | ᠭᠤᠶᠤᠯᠠᠬᠤ ᠭᠠᠵᠠᠷ ᠬᠦᠷᠴᠦ ᠬᠡ ᠰᠢᠪᠡᠬᠦᠯᠬᠦ᠂ ᠴᠢᠬᠢ ᠪᠠᠨ ᠨᠦᠬᠡᠯᠡᠬᠦ᠂ ᠵᠡᠬᠦᠬᠦ ᠲᠠᠯᠪᠢᠬᠤ ᠵᠡᠷᠬᠡ ᠶᠢ ᠬᠢᠯᠬᠡᠬᠦ | ᠦᠬᠡᠢ᠃ ᠪᠡᠯᠬᠡ ᠪᠠᠷ ᠲᠠᠮᠵᠢᠬᠤ ᠵᠢᠴᠢ ᠴᠢᠰᠤᠨ ᠰᠤᠳᠠᠯ ᠢᠶᠠᠷ ᠲᠠᠮᠵᠢᠭᠳᠠᠬᠤ ᠬᠠᠯᠳᠠᠪᠤᠷᠢᠳᠦ ᠴᠢᠨᠠᠷᠳᠠᠢ ᠡᠮᠬᠡᠭ | ᠡᠪᠡᠳᠴᠢᠨ ᠲᠠᠢ ᠤᠶᠢᠷᠠᠳᠤᠬᠤ ᠶᠢ ᠴᠡᠬᠡᠷᠯᠡᠨ᠎ᠡ᠃ | | ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ |