ᠭᠠᠷ ᠢᠶᠠᠨ ᠰᠠᠶᠢᠲᠤᠷ ᠤᠬᠢᠶᠠᠬᠤ ᠲᠤᠯᠤᠭᠠᠨ ᠠᠯᠬᠤᠮ ᠲᠠᠷᠠᠭ᠎ᠠ
ᠨᠡᠶᠢᠲᠡᠯᠡᠭᠰᠡᠨ ᠴᠠᠭ᠄
2020/10/30
  ᠵᠦᠪ ᠤᠨᠤᠪᠴᠢᠲᠠᠢ ᠪᠠᠷ ᠭᠠᠷ ᠢᠶᠠᠨ ᠤᠬᠢᠶᠠᠬᠤ ᠳᠤ ᠲᠤᠯᠤᠭᠠᠨ ᠠᠯᠬᠤᠮ ᠤᠨ ᠭᠠᠷ ᠤᠬᠢᠶᠠᠬᠤ ᠠᠷᠭ᠎ᠠ ᠶᠢ ᠡᠵᠡᠮᠰᠢᠨ᠎ᠡ᠃ ᠨᠢᠬᠡᠳᠦᠭᠡᠷ ᠠᠯᠬᠤᠮ᠄ ᠬᠤᠶᠠᠷ ᠭᠠᠷ ᠤᠨ ᠠᠯᠠᠭ᠎ᠠ ᠪᠠᠨ ᠬᠠᠷᠢᠯᠴᠠᠨ ᠱᠦᠷᠭᠦᠭᠡᠵᠦ ᠤᠬᠢᠶᠠᠨ᠎ᠠ ︵ᠬᠤᠶᠠᠷ ᠭᠠᠷ ᠢᠶᠠᠨ  ᠬᠠᠪᠰᠤᠷᠤᠨ ᠲᠠᠪᠤ ᠤᠲᠠᠭ᠎ᠠ ᠱᠦᠷᠭᠦᠭᠡᠨ᠎ᠡ︶᠃ ᠬᠤᠶᠠᠳᠤᠭᠠᠷ ᠠᠯᠬᠤᠮ᠄ ᠬᠤᠶᠠᠷ ᠭᠠᠷ ᠤᠨ ᠬᠤᠷᠤᠭᠤ ᠪᠠᠨ ᠰᠤᠯᠢᠪᠴᠢᠭᠤᠯᠤᠨ ᠭᠠᠷ ᠤᠨ ᠬᠤᠷᠤᠭᠤ ᠶᠢᠨ ᠰᠠᠯᠠᠭ᠎ᠠ   ᠪᠠᠨ ᠤᠬᠢᠶᠠᠨ᠎ᠡ ︵ᠭᠠᠷ ᠤᠨ ᠠᠯᠠᠭ᠎ᠠ ᠪᠠᠨ ᠭᠠᠷ ᠤᠨ ᠠᠷᠤ  ᠲᠠᠢ ᠨᠠᠭᠠᠯᠳᠤᠭᠤᠯᠵᠤ᠂ ᠬᠤᠶᠠᠷ ᠭᠠᠷ ᠢᠶᠠᠨ  ᠰᠤᠯᠢᠪᠴᠢᠭᠤᠯᠤᠨ ᠬᠠᠪᠰᠤᠷᠭᠠᠵᠤ᠂ ᠵᠡᠬᠦᠨ ᠪᠠᠷᠠᠭᠤᠨ ᠭᠠᠷ ᠢᠶᠠᠨ ᠬᠠᠷᠢᠯᠴᠠᠨ ᠰᠤᠯᠢᠵᠤ᠂ ᠲᠤᠰᠪᠤᠷᠢ ᠲᠠᠪᠤ ᠤᠲᠠᠭ᠎ᠠ  ᠱᠦᠷᠭᠦᠭᠡᠵᠦ ᠤᠬᠢᠶᠠᠨ᠎ᠠ︶᠃ ᠭᠤᠷᠪᠠᠳᠤᠭᠠᠷ ᠠᠯᠬᠤᠮ᠄ ᠭᠠᠷ ᠤᠨ ᠠᠯᠠᠭ᠎ᠠ ᠪᠠᠨ ᠭᠠᠷ ᠤᠨ ᠠᠯᠠᠭ᠎ᠠ ᠲᠠᠢ ᠨᠠᠭᠠᠯᠳᠤᠭᠤᠯᠤᠨ ᠭᠠᠷ ᠬᠤᠷᠤᠭᠤᠨ ᠤ  ᠰᠠᠯᠠᠭ᠎ᠠ ᠪᠠᠨ ᠱᠦᠷᠭᠦᠭᠡᠵᠦ ᠤᠬᠢᠶᠠᠨ᠎ᠠ ︵ᠭᠠᠷ ᠤᠨ ᠠᠯᠠᠭ᠎ᠠ ᠪᠠᠨ ᠬᠠᠪᠰᠤᠷᠭᠠᠨ᠂ ᠠᠷᠪᠠᠨ ᠬᠤᠷᠤᠭᠤ ᠪᠠᠨ  ᠵᠦᠷᠢᠭᠦᠯᠦᠨ᠂ ᠲᠠᠪᠤ ᠤᠲᠠᠭ᠎ᠠ ᠱᠦᠷᠬᠦᠭᠡᠵᠦ ᠤᠬᠢᠶᠠᠨ᠎ᠠ︶ ᠲᠦᠷᠪᠡᠳᠦᠭᠡᠷ ᠠᠯᠬᠤᠮ᠄ ᠬᠤᠷᠤᠭᠤᠨ ᠤ ᠦᠶ᠎ᠡ ᠪᠠᠨ ᠨᠤᠬᠤᠯᠠᠨ᠂ ᠨᠦᠬᠦᠬᠡ ᠭᠠᠷ ᠤᠨ ᠢᠶᠠᠨ ᠠᠯᠠᠭᠠᠨ ᠳᠤ  ᠡᠷᠬᠢᠬᠦᠯᠦᠨ ᠨᠤᠬᠤᠯᠠᠵᠤ᠂ ᠬᠠᠷᠢᠯᠴᠠᠨ ᠰᠤᠯᠢᠵᠤ ᠲᠤᠰᠪᠤᠷᠢ ᠲᠠᠪᠤ ᠤᠲᠠᠭ᠎ᠠ ᠱᠦᠷᠬᠦᠬᠡᠨ᠎ᠡ᠃ ᠲᠠᠪᠤᠳᠤᠭᠠᠷ ᠠᠯᠬᠤᠮ᠄ ᠨᠢᠬᠡ ᠭᠠᠷ ᠢᠶᠠᠷ ᠢᠶᠠᠨ ᠨᠦᠬᠦᠬᠡ ᠭᠠᠷ ᠤᠨ ᠢᠶᠠᠨ ᠡᠷᠡᠬᠡᠢ ᠬᠤᠷᠤᠭᠤ ᠶᠢ ᠠᠳᠬᠤᠨ  ᠨᠤᠬᠤᠯᠠᠵᠤ ᠤᠬᠢᠶᠠᠨ᠂ ᠵᠡᠬᠦᠨ ᠪᠠᠷᠠᠭᠤᠨ ᠭᠠᠷ ᠢᠶᠠᠨ ᠬᠠᠷᠢᠯᠴᠠᠨ ᠠᠲᠠᠯᠢᠬᠠᠨ ᠢᠶᠠᠷ ᠲᠤᠰᠪᠤᠷᠢ ᠲᠠᠪᠤ ᠤᠲᠠᠭ᠎ᠠ  ᠱᠦᠷᠬᠦᠬᠡᠨ᠎ᠡ᠃ ᠵᠢᠷᠭᠤᠳᠤᠭᠠᠷ ᠠᠯᠬᠤᠮ᠄ ᠬᠤᠷᠤᠭᠤᠨ ᠦᠵᠦᠬᠦᠷ ᠢᠶᠠᠷ ᠢᠶᠠᠨ ᠭᠠᠷ ᠤᠨ ᠠᠯᠠᠭ᠎ᠠ ᠪᠠᠨ ᠱᠦᠷᠬᠦᠭᠡᠵᠦ᠂ ᠵᠡᠬᠦᠨ  ᠪᠠᠷᠠᠭᠤᠨ ᠭᠠᠷ ᠢᠶᠠᠨ ᠬᠠᠷᠢᠯᠴᠠᠨ ᠠᠲᠠᠯᠢᠬᠠᠨ ᠬᠢᠨ᠎ᠡ ︵ᠬᠤᠷᠤᠭᠤᠨ ᠦᠵᠦᠬᠦᠷ ᠢᠶᠠᠨ ᠭᠠᠷ ᠤᠨ ᠠᠯᠠᠭᠠᠨ ᠳᠤ  ᠲᠠᠯᠪᠢᠨ᠂ ᠬᠠᠷᠢᠯᠴᠠᠨ ᠲᠤᠰᠪᠤᠷᠢ ᠲᠠᠪᠤ ᠤᠲᠠᠭ᠎ᠠ ᠱᠦᠷᠭᠦᠭᠡᠵᠦ ᠤᠬᠢᠶᠠᠨ᠎ᠠ︶᠃ ᠲᠤᠯᠤᠳᠤᠭᠠᠷ ᠠᠯᠬᠤᠮ᠄ ᠡᠷᠬᠢᠯᠭᠡᠨ ᠬᠡᠯᠪᠡᠷᠢ ᠪᠠᠷ ᠱᠦᠷᠭᠦᠭᠡᠨ ᠭᠠᠷ ᠤᠨ ᠪᠠᠭᠤᠤ ᠰᠤᠯᠢᠪᠴᠠᠭᠤᠯᠤᠨ ᠤᠬᠢᠶᠠᠨ᠎ᠠ᠃       ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号