ᠠᠮᠠᠪᠴᠢ ᠶᠢ ᠶᠠᠭᠠᠬᠢᠵᠤ ᠵᠦᠪ ᠤᠨᠤᠪᠴᠢᠲᠠᠢ ᠬᠡᠷᠡᠭᠯᠡᠬᠦ ᠪᠤᠢ︖
ᠨᠡᠶᠢᠲᠡᠯᠡᠭᠰᠡᠨ ᠴᠠᠭ᠄
2020/10/30
    ᠡᠮᠴᠢᠯᠡᠭᠡ ᠳᠤ ᠬᠡᠷᠡᠭᠯᠡᠬᠦ ᠠᠮᠠᠪᠴᠢ ᠶᠢ ᠬᠡᠷᠡᠭᠯᠡᠬᠦ ᠠᠷᠭ᠎ᠠ᠄ ⑴ ᠠᠮᠠᠪᠴᠢ ᠶᠢᠨ ᠦᠩᠬᠡ ᠨᠢ ᠬᠦᠨ ᠨᠢ ᠪᠤᠯ ᠵᠦᠪ ᠲᠠᠯ᠎ᠠ᠂ ᠵᠦᠪ ᠲᠠᠯ᠎ᠠ ᠶᠢ ᠭᠠᠲᠠᠭᠰᠢ ᠬᠠᠨᠳᠤᠭᠤᠯᠵᠤ᠂  ᠲᠡᠷᠡᠴᠢᠯᠡᠨ ᠡᠮᠴᠢᠯᠡᠭᠡ ᠳᠤ ᠬᠡᠷᠡᠭᠯᠡᠬᠦ ᠠᠮᠠᠪᠴᠢ ᠲᠡᠭᠡᠷ᠎ᠡ ᠪᠠᠰᠠ ᠬᠠᠮᠠᠷ ᠢ ᠬᠠᠪᠴᠢᠬᠤ ᠲᠡᠮᠦᠷᠯᠢᠭ ᠬᠠᠪᠲᠠᠰᠤ ᠪᠠᠶᠢᠳᠠᠭ  ᠃ ⑵ ᠨᠢᠭᠤᠷ ᠤᠨ ᠬᠡᠰᠡᠭ ᠲᠠᠢ ᠲᠠᠭᠠᠷᠠᠯᠳᠤᠬᠤ ᠨᠢ ᠡᠮᠴᠢᠯᠡᠭᠡ ᠳᠤ ᠬᠡᠷᠡᠭᠯᠡᠬᠦ ᠠᠮᠠᠪᠴᠢ ᠶᠢᠨ ᠪᠤᠷᠤᠭᠤ ᠲᠠᠯ᠎ᠠ᠂ ᠲᠠᠷᠤᠢ  ᠦᠩᠬᠡ ᠨᠢ ᠨᠡᠯᠢᠶᠡᠳ ᠬᠦᠢᠭᠡᠨ ᠲᠠᠯ᠎ᠠ ᠪᠠᠶᠢᠵᠤ᠂ ᠡᠬᠦᠨ ᠠᠴᠠ ᠭᠠᠲᠠᠨ᠎ᠠ᠂ ᠲᠡᠮᠦᠷᠯᠢᠭ ᠬᠠᠪᠲᠠᠰᠤ ᠲᠠᠢ ᠬᠡᠰᠡᠭ ᠨᠢ ᠠᠮᠠᠪᠴᠢ ᠶᠢᠨ ᠲᠡᠭᠡᠷ᠎ᠡ ᠲᠠᠯ᠎ᠠ ᠲᠤᠯᠠ ᠲᠤᠩᠭᠤᠷᠠᠭᠤᠯᠤᠨ ᠵᠡᠬᠦᠬᠦ ᠠᠴᠠ ᠬᠢᠴᠢᠶᠡᠬᠦ ᠬᠡᠷᠡᠭᠲᠠᠢ᠃ ⑶ ᠠᠮᠠᠪᠴᠢ ᠶᠢᠨ ᠵᠦᠪ ᠲᠠᠯ᠎ᠠ᠂ ᠪᠤᠷᠤᠭᠤ ᠲᠠᠯ᠎ᠠ᠂ ᠲᠡᠭᠡᠲᠦ ᠬᠦᠪᠡᠭᠡ᠂ ᠲᠤᠤᠷᠠᠲᠤ ᠬᠦᠪᠡᠭᠡ ᠶᠢ ᠢᠯᠭᠠᠭᠰᠠᠨ ᠤ  ᠲᠠᠷᠠᠭ᠎ᠠ᠂ ᠭᠠᠷ ᠢᠶᠠᠨ ᠴᠡᠪᠡᠷᠬᠡᠨ ᠤᠬᠢᠶᠠᠵᠤ᠂ ᠬᠤᠶᠠᠷ ᠬᠦᠪᠡᠭᠡ ᠶᠢᠨ ᠰᠢᠵᠢᠮ ᠢᠶᠠᠷ ᠴᠢᠬᠢᠨ ᠳᠡᠭᠡᠨ ᠵᠡᠬᠦᠨ᠎ᠡ᠃ ⑷ ᠬᠠᠮᠤᠭ ᠰᠡᠬᠦᠯ ᠳᠤ ᠨᠢ ᠭᠠᠷ ᠢᠶᠠᠷ ᠢᠶᠠᠨ ᠬᠠᠮᠠᠷ ᠤᠨ ᠬᠢᠩᠭ᠎ᠠ ᠶᠢᠨ ᠬᠤᠶᠠᠷ ᠲᠠᠯ᠎ᠠ ᠳᠠᠬᠢ ᠲᠡᠮᠦᠷᠯᠢᠭ ᠬᠠᠪᠲᠠᠰᠤ   ᠶᠢ ᠲᠠᠷᠤᠵᠤ᠂ ᠠᠮᠠᠪᠴᠢ ᠶᠢᠨ ᠲᠡᠭᠡᠲᠦ ᠬᠦᠪᠡᠭᠡ ᠶᠢ ᠬᠠᠮᠠᠷ ᠤᠨ ᠬᠢᠩᠭ᠎ᠠ ᠲᠠᠢ ᠴᠢᠩᠭ᠎ᠠ ᠨᠠᠭᠠᠯᠳᠤᠭᠤᠯᠵᠤ᠂ ᠲᠠᠷᠠᠭ᠎ᠠ   ᠨᠢ ᠠᠮᠠᠪᠴᠢ ᠪᠠᠨ ᠲᠤᠷᠤᠭᠰᠢ ᠰᠤᠨᠤᠭᠠᠨ ᠲᠠᠲᠠᠵᠤ ᠂ ᠠᠮᠠᠪᠴᠢ ᠶᠢ ᠲᠡᠨᠢᠢᠯᠭᠡᠨ᠂ ᠬᠠᠮᠠᠷ ᠬᠢᠬᠡᠳ ᠠᠮᠠ ᠶᠢ  ᠪᠦᠷᠬᠦᠬᠦᠯᠦᠨ᠎ᠡ᠃     ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号