ᠦᠯᠦ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠵᠦ ᠡᠪᠡᠳᠴᠢᠨ ᠬᠢᠵᠢᠭ ᠢ  ᠰᠡᠷᠭᠡᠶᠢᠯᠡᠬᠦ 5 ᠵᠥᠢᠯ ᠤᠨ ᠢᠳᠡᠭᠡᠨ 6 ᠵᠥᠢᠯ ᠤᠨ ᠬᠠᠪᠰᠤᠷᠤᠮᠵᠢ
ᠨᠡᠶᠢᠲᠡᠯᠡᠭᠰᠡᠨ ᠴᠠᠭ᠄
2020/11/30
         ᠲᠤᠩ ᠬᠢᠰᠤᠭ᠎ᠠ ᠶᠢᠨ ᠲᠦᠷᠦᠯ+ ᠮᠦᠬᠦ ᠶᠢᠨ ᠲᠦᠷᠦᠯ᠃ ᠴᠠᠶᠢᠷ ᠨᠢ ᠦᠯᠦ ᠬᠠᠯᠳᠠᠭᠠᠬᠤ ᠴᠢᠳᠠᠪᠤᠷᠢ  ᠳᠤ ᠵᠤᠬᠢᠬᠤ ᠲᠤᠬᠢᠷᠠᠭᠤᠯᠤᠯᠲᠠ ᠪᠤᠯᠳᠠᠭ᠃ ᠲᠤᠩ ᠬᠢᠰᠤᠭ᠎ᠠ ᠶᠢᠨ ᠲᠦᠷᠦᠯ ᠤᠨ ᠢᠳᠡᠭᠡᠨ ᠳᠤ  ᠴᠠᠶᠢᠷ  ᠡᠯᠪᠡᠭ  ᠠᠭᠤᠯᠤᠭᠳᠠᠳᠠᠭ᠃  ᠬᠡᠷᠪᠡ ᠲᠤᠩ ᠬᠢᠰᠤᠭ᠎ᠠ ᠶᠢᠨ ᠲᠦᠷᠦᠯ ᠢ ᠦᠷᠭᠦᠯᠵᠢ ᠢᠳᠡᠬᠦ ᠦᠭᠡᠢ ᠳᠤ ᠬᠦᠷᠪᠡᠯ ᠮᠦᠬᠦ ᠶᠢᠨ ᠲᠦᠷᠦᠯ ᠢ ᠢᠳᠡᠭᠰᠡᠨ ᠴᠦ  ᠪᠤᠯᠤᠨ᠎ᠠ᠃ ᠮᠦᠭᠦ ᠶᠢᠨ ᠲᠦᠷᠦᠯ ᠤᠨ ᠢᠳᠡᠭᠡᠨ ᠳᠤ ᠴᠠᠶᠢᠷ ᠡᠯᠪᠡᠭ ᠪᠠᠶᠢᠬᠤ ᠠᠴᠠ ᠭᠠᠳᠠᠨ᠎ᠠ᠂ ᠰᠢᠬᠢᠷ ᠡᠯᠪᠡᠭ ᠪᠠᠶᠢᠵᠦ᠂ ᠦᠯᠤ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠬᠦ ᠳᠤ ᠠᠰᠢᠭᠲᠠᠢ᠃ ᠡᠭᠦᠨ  ᠠᠴᠠ ᠭᠠᠳᠠᠨ᠎ᠠ᠂ ᠠᠮᠢᠲᠠᠨ ᠤ ᠡᠯᠢᠭᠡ᠂ ᠪᠤᠭᠤᠳᠠᠢ ᠶᠢᠨ ᠬᠦᠪᠤᠷᠡᠯ   ᠤᠨ ᠨᠤᠨᠳᠠᠭ᠂ ᠬᠠᠷ᠎ᠠ ᠮᠢᠬ᠎ᠠ᠂ ᠬᠡᠭᠡᠷ᠎ᠡ ᠶᠢᠨ ᠬᠤᠰᠢᠭ᠎ᠠ ᠳᠤ ᠴᠦ ᠴᠠᠶᠢᠷ ᠨᠡᠯᠢᠶᠡᠳ ᠡᠯᠪᠡᠭ ᠪᠠᠶᠢᠳᠠᠭ᠃         ᠡᠯᠢᠭᠡ+ ᠤᠯᠠᠪᠤᠷ ᠰᠢᠷ᠎ᠠ ᠦᠩᠭᠡᠲᠡᠢ ᠨᠤᠭᠤᠭ᠎ᠠ᠃  ᠠᠮᠢᠲᠠᠨ   ᠤ  ᠴᠢᠨᠠᠷᠲᠠᠢ  ᠢᠳᠡᠭᠡᠨ  ᠵᠢᠱᠢᠶᠡᠯᠡᠪᠡᠯ  ᠡᠯᠢᠭᠡ᠂ ᠭᠠᠯᠠᠭᠤᠨ ᠦᠨᠳᠡᠭᠡᠨ ᠰᠢᠷ᠎ᠠ᠂ ᠵᠢᠭᠠᠰᠤᠨ ᠲᠤᠰᠤᠨ ᠳᠤ ᠸᠢᠲ᠋ᠠᠮᠢᠨA ᠮᠠᠰᠢ  ᠡᠯᠪᠡᠭ  ᠪᠠᠶᠢᠳᠠᠭ᠃  ᠸᠢᠲ᠋ᠠᠮᠢᠨA  ᠨᠢᠳᠤᠨ   ᠤ ᠬᠠᠷᠠᠭ᠎ᠠ ᠬᠠᠮᠠᠭᠠᠯᠠᠳᠠᠭ ᠢ ᠤᠯᠠᠨ ᠢᠶᠠᠷ ᠢᠶᠠᠨ ᠪᠦᠷ ᠮᠡᠳᠡᠨ᠎ᠡ᠃ ᠦᠨᠡᠨ ᠳᠡᠭᠡᠨ ᠲᠡᠷᠡ ᠪᠤᠯ ᠦᠯᠤ ᠬᠠᠯᠳᠠᠭᠠᠬᠤ ᠴᠢᠳᠠᠪᠤᠷᠢ   ᠲᠠᠢ ᠨᠢᠭᠲᠠ ᠬᠠᠷᠢᠴᠠᠭ᠎ᠠ ᠲᠠᠢ ᠶᠤᠮ᠃ ᠰᠢᠷ᠎ᠠ ᠯᠤᠤᠪᠠᠩ᠂ ᠨᠠᠩᠭᠤᠸᠠ᠂ ᠵᠦᠷᠵᠢ ᠵᠡᠷᠭᠡ ᠤᠯᠠᠪᠤᠷ ᠰᠢᠷ᠎ᠠ ᠦᠩᠭᠡᠲᠡᠢ ᠨᠤᠭᠤᠭ᠎ᠠ ᠵᠢᠮᠢᠰ ᠤᠨ ᠬᠠᠩᠭᠠᠬᠤ B᠂ ᠰᠢᠷ᠎ᠠ ᠯᠤᠤᠪᠠᠩ ᠤᠨ ᠡᠳ᠋ ᠨᠢ ᠪᠡᠶ᠎ᠡ ᠶᠢᠨ ᠲᠤᠲᠤᠷ᠎ᠠ ᠸᠢᠲ᠋ᠠᠮᠢᠨA ᠪᠤᠯᠵᠦ ᠬᠤᠪᠢᠷᠠᠳᠠᠭ᠃         ᠭᠦᠨ ᠨᠤᠭᠤᠭᠠᠨ ᠦᠩᠭᠡᠲᠡᠢ  ᠨᠤᠭᠤᠭ᠎ᠠ+  ᠲᠤᠯᠤᠭᠤᠨ᠎ᠠ᠃  ᠨᠤᠭᠤᠭᠠᠨ  ᠴᠡᠴᠡᠭᠳᠤ  ᠪᠠᠶᠢᠼᠠᠢ᠂  ᠦᠷᠭᠡᠰᠤᠳᠤ ᠨᠤᠭᠤᠭ᠎ᠠ᠂ ᠠᠪᠤᠭ᠎ᠠ᠂ ᠲᠤᠮᠤ ᠴᠠᠭᠠᠨ ᠨᠤᠭᠤᠭ᠎ᠠ᠂ ᠰᠢᠯᠡᠮᠳᠡᠭ ᠵᠡᠷᠭᠡ ᠭᠦᠨ ᠨᠤᠭᠤᠭᠠᠨ ᠦᠩᠭᠡᠲᠡᠢ ᠨᠤᠭᠤᠭ᠎ᠠ︔  ᠲᠤᠯᠤᠭᠤᠨ᠎ᠠ᠂ ᠴᠢᠪᠠᠭ᠎ᠠ᠂ ᠲᠤᠰᠢᠯᠤᠢ᠂ ᠭᠠᠲᠢᠷ᠎ᠠ ᠶᠢᠨ ᠵᠢᠮᠢᠰ᠂ ᠬᠦᠵᠡᠯᠵᠡᠭᠡᠨ᠎ᠡ᠂ ᠰᠢᠷᠠᠰᠤ ᠵᠡᠷᠭᠡ ᠵᠢᠮᠢᠰ  ᠨᠢ ᠪᠦᠷ ᠸᠢᠲ᠋ᠠᠮᠢᠨ C ᠶᠢᠨ  ᠠᠪᠤᠷᠭᠤ ᠤᠳ ᠶᠤᠮ᠃ ᠸᠢᠲ᠋ᠠᠮᠢᠨ C ᠨᠢ ᠡᠰᠡᠷᠭᠦᠴᠡᠯ ᠴᠤᠭᠴᠠ ᠶᠢᠨ ᠪᠦᠷᠢᠯᠳᠦᠯ ᠢ ᠠᠬᠢᠭᠤᠯᠳᠠᠭ᠃         ᠳᠠᠯᠠᠢ ᠶᠢᠨ ᠵᠢᠭᠠᠰᠤ᠃ ᠸᠢᠲ᠋ᠠᠮᠢᠨ D  ᠦᠯᠤ  ᠬᠠᠯᠳᠠᠭᠠᠬᠤ  ᠴᠢᠳᠠᠪᠤᠷᠢ   ᠶᠢ  ᠴᠢᠩᠭᠠᠷᠠᠭᠤᠯᠵᠦ᠂  ᠸᠢᠲ᠋ᠠᠮᠢᠨ  D ᠲᠤᠲᠠᠭᠳᠠᠪᠠᠯ ᠪᠡᠶ᠎ᠡ ᠶᠢᠨ ᠬᠡᠪ ᠤᠨ ᠴᠢᠳᠠᠪᠤᠷᠢ ᠶᠢ ᠨᠦᠯᠦᠭᠡᠯᠡᠳᠡᠭ᠃ ᠨᠠᠷᠠᠨ ᠳᠤ ᠡᠭᠡᠭᠡᠬᠦ ᠪᠤᠯ ᠸᠢᠲ᠋ᠠᠮᠢᠨ D ᠰᠢᠩᠭᠡᠭᠡᠨ  ᠠᠪᠬᠤ ᠪᠦᠳᠦᠮᠵᠢᠲᠠᠢ ᠠᠷᠭ᠎ᠠ ᠪᠤᠯᠪᠠᠴᠤ᠂ ᠡᠪᠤᠯ   ᠤᠨ  ᠤᠯᠠᠷᠢᠯ   ᠳᠤ  ᠬᠠᠮᠤᠭ  ᠰᠠᠶᠢᠨ   ᠨᠢ  ᠸᠢᠲ᠋ᠠᠮᠢᠨ  D  ᠡᠯᠪᠡᠭᠲᠡᠢ  ᠢᠳᠡᠭᠡᠨ ᠨᠦᠬᠦᠪᠤᠷᠢᠯᠡᠪᠡᠯ ᠵᠤᠬᠢᠨ᠎ᠠ᠃ ᠳᠠᠯᠠᠢ ᠶᠢᠨ ᠵᠢᠭᠠᠰᠤ᠂ ᠠᠮᠢᠲᠠᠨ ᠤ ᠡᠯᠢᠭᠡ᠂ ᠵᠢᠭᠠᠰᠤᠨ ᠲᠤᠰᠤ᠂ ᠦᠨᠳᠡᠭᠡᠨ   ᠳᠤ  ᠸᠢᠲ᠋ᠠᠮᠢᠨ  D ᠶᠢᠨ ᠠᠭᠤᠯᠤᠭᠳᠠᠴᠠ ᠬᠠᠷᠢᠴᠠᠩᠭᠤᠢ ᠡᠯᠪᠡᠭ ᠪᠠᠶᠢᠳᠠᠭ᠃         ᠠᠮᠢᠲᠠᠨ ᠤ ᠴᠢᠰᠤ+ ᠡᠯᠢᠭᠡ᠃ ᠲᠡᠮᠤᠷ ᠲᠤᠳᠠᠪᠠᠯ ᠦᠯᠤ ᠬᠠᠯᠳᠠᠭᠠᠬᠤ ᠡᠰ ᠬᠠᠰᠤᠭᠳᠠᠵᠦ᠂  ᠦᠯᠤ  ᠬᠠᠯᠳᠠᠭᠠᠬᠤ ᠲᠤᠰᠬᠠᠯ ᠲᠤᠲᠠᠭᠤᠳᠠᠳᠠᠭ᠃ ᠬᠠᠷ᠎ᠠ ᠮᠢᠬ᠎ᠠ᠂ ᠠᠮᠢᠲᠠᠨ ᠤ ᠴᠢᠰᠤ᠂ ᠡᠯᠢᠭᠡ ᠵᠡᠷᠭᠡ  ᠢᠳᠡᠭᠡᠨ   ᠨᠢ  ᠲᠡᠮᠤᠷ  ᠡᠯᠪᠡᠭᠲᠡᠢ  ᠪᠦᠭᠡᠳ ᠰᠢᠩᠭᠡᠭᠡᠵᠦ ᠠᠪᠬᠤ ᠳᠤ ᠰᠠᠶᠢᠨ ᠪᠠᠶᠢᠳᠠᠭ᠃ ᠡᠳᠤᠷ ᠪᠦᠷᠢ 40 ~75 ᠭᠷᠠᠮ ᠮᠢᠬ᠎ᠠ ᠢᠳᠡᠵᠦ᠂ ᠠᠮᠢᠲᠠᠨ ᠤ ᠡᠯᠢᠭᠡ ᠶᠢ  ᠰᠠᠷ᠎ᠠ ᠪᠦᠷᠢ 2~3 ᠤᠳᠠᠭ᠎ᠠ᠂ ᠤᠳᠠᠭ᠎ᠠ ᠪᠦᠷᠢ 25 ᠭᠷᠠᠮ ᠤᠷᠴᠢᠮ ᠢᠳᠡᠪᠡᠯ ᠰᠠᠶᠢᠨ ᠭᠡᠵᠦ ᠰᠠᠨᠠᠭᠤᠯᠵᠦ ᠪᠠᠶᠢᠨ᠎ᠠ᠃         ᠦᠨᠢᠥᠶᠡᠨ ᠰᠦ+ ᠲᠠᠬᠢᠶᠠᠨ ᠦᠨᠳᠡᠭᠡ᠃ ᠢᠳᠡᠭᠡᠨ ᠤᠮᠳᠠᠭᠠᠨ ᠳᠤ ᠤᠭᠤᠷᠠᠭ ᠲᠤᠲᠠᠭᠳᠠᠪᠠᠯ ᠪᠡᠶ᠎ᠡ ᠶᠢᠨ  ᠦᠯᠤ ᠬᠠᠯᠳᠠᠭᠠᠬᠤ ᠴᠢᠳᠠᠪᠤᠷᠢ ᠪᠠᠭᠤᠷᠠᠨ᠎ᠠ᠃ ᠤᠭᠤᠷᠠᠭ ᠶᠡᠬᠡᠲᠡᠢ ᠢᠳᠡᠭᠡᠨ ᠲᠤᠩ ᠠᠷᠪᠢᠨ ᠪᠤᠢ᠂ ᠦᠨᠢᠶᠡᠨ ᠰᠦ᠂ ᠴᠠᠭᠠᠨ  ᠢᠳᠡᠭᠡ᠂ ᠲᠠᠬᠢᠶᠠᠨ‌ᠦᠨᠳᠡᠭᠡ᠂ ᠮᠠᠯ ᠵᠢᠭᠦᠷᠲᠡᠨ ᠤ ᠮᠢᠬ᠎ᠠ᠂ ᠵᠢᠭᠠᠰᠤ᠂ ᠰᠠᠮ ᠬᠤᠷᠤᠬᠠᠢ᠂ ᠰᠢᠷ᠎ᠠ ᠪᠤᠷᠴᠠᠭ ᠨᠢ ᠴᠦᠮ  ᠴᠢᠨᠠᠷᠯᠢᠭ  ᠤᠭᠤᠷᠠᠭ ᠤᠨ ᠰᠠᠶᠢᠨ ᠢᠷᠡᠯᠲᠡ ᠮᠥᠨ᠃ ᠦᠨᠢᠶᠡᠨ ᠰᠦ ᠶᠢ ᠡᠳᠤᠷ ᠪᠦᠷᠢ 300  ᠮᠢᠯᠯᠢᠯᠢᠲᠷ  ᠪᠠᠷᠤᠭ  2  ᠤᠭᠤᠲᠠ  ᠤᠤᠭᠤᠵᠦ᠂ ᠲᠠᠬᠢᠶᠠᠨ ᠦᠨᠳᠡᠭᠡ 1᠂ ᠮᠠᠯ ᠵᠢᠭᠦᠷᠲᠡᠨ ᠤ ᠮᠢᠬ᠎ᠠ ᠡᠳᠤᠷ ᠪᠦᠷᠢ 40 ~75 ᠭᠷᠠᠮ᠂᠂ᠵᠢᠭᠠᠰᠤ ᠰᠠᠮ ᠬᠤᠷᠤᠬᠠᠢ ᠡᠳᠤᠷ  ᠪᠦᠷᠢ 40 ~75 ᠭᠷᠠᠮ᠂ ᠰᠢᠷ᠎ᠠ ᠪᠤᠷᠴᠠᠭ ᠨᠢᠭᠡ ᠠᠳᠬᠤ ︵30 ᠭᠷᠠᠮ ᠤᠷᠴᠢᠮ︶ ᠡᠰᠡᠭᠦᠯ᠎ᠡ ᠵᠤᠬᠢᠬᠤ ᠪᠤᠷᠴᠠᠭ ᠤᠨ ᠪᠦᠳᠦᠭᠡᠭᠳᠡᠭᠦᠨ ᠢᠳᠡᠵᠦ ᠤᠤᠭᠤᠪᠠᠯ ᠵᠦᠭᠡᠷ ᠭᠡᠵᠦ ᠰᠠᠨᠠᠭᠤᠯᠵᠦ ᠪᠠᠶᠢᠨ᠎ᠠ᠃      ᠰᠤᠪᠤᠳ
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号