| | ᠣᠳᠣᠬᠠᠨ ᠳᠤ ᠵᠠᠷᠢᠮ ᠭᠠᠵᠠᠷ ᠲᠤ ᠲᠤᠰ ᠵᠢᠯ ᠤᠨ ᠡᠷᠲᠡ ᠲᠤᠰᠤᠭᠰᠠᠨ ᠡᠷ᠎ᠡ ᠢᠰᠢᠭᠡ ᠶᠢ ᠲᠤᠰ ᠵᠢᠯ ᠳᠡᠭᠡᠨ | ᠲᠡᠵᠢᠭᠡᠨ ᠲᠠᠷᠭᠤᠯᠠᠭᠤᠯᠵᠤ ᠭᠠᠷᠭᠠᠯᠲᠠ ᠳᠤ ᠣᠷᠣᠭᠤᠯᠬᠤ ᠠᠵᠢᠯ ᠨᠢᠭᠡᠨᠲᠡ ᠦᠷᠨᠢᠵᠦ ᠡᠬᠢᠯᠡᠪᠡ᠃ ᠲᠤᠰ ᠵᠢᠯ ᠤᠨ | ᠡᠷᠲᠡ ᠭᠠᠷᠤᠭᠰᠠᠨ ᠡᠷ᠎ᠡ ᠢᠰᠢᠭᠡ ᠶᠢ ᠲᠡᠵᠢᠭᠡᠨ ᠲᠠᠷᠭᠤᠯᠠᠭᠤᠯᠤᠭᠰᠠᠨ ᠤ ᠳᠠᠷᠠᠭ᠎ᠠ ᠲᠤᠰ ᠵᠢᠯ ᠳᠡᠭᠡᠨ ᠭᠠᠷᠭᠠᠯᠲᠠ ᠳᠤ | ᠣᠷᠣᠭᠤᠯᠪᠠᠯ᠂ ᠨᠤᠲᠤᠭ ᠪᠡᠯᠴᠢᠭᠡᠷ ᠤᠨ ᠳᠠᠷᠤᠭᠠᠰᠤ ᠶᠢ ᠬᠦᠩᠭᠡᠷᠡᠭᠦᠯᠬᠦ᠂ ᠬᠥᠮᠦᠨ ᠤ ᠬᠦᠴᠦ ᠪᠣᠯᠤᠨ ᠲᠡᠵᠢᠭᠡᠯ | ᠪᠣᠷᠳᠤᠭ᠎ᠠ ᠶᠢ ᠠᠷᠪᠢᠯᠠᠬᠤ᠂ ᠵᠠᠬ᠎ᠠ ᠳᠡᠯᠭᠡᠭᠦᠷ ᠳᠡᠭᠡᠷᠡᠬᠢ ᠮᠢᠬᠠᠨ ᠤ ᠢᠷᠡᠯᠲᠡ ᠪᠣᠯᠤᠨ ᠲᠥᠷᠥᠯ ᠵᠦᠢᠯ ᠢ ᠨᠡᠮᠡᠭᠳᠡᠭᠦᠯᠬᠦ᠂ | ᠢᠮᠠᠭᠠᠨ ᠰᠦᠷᠦᠭ ᠤᠨ ᠡᠷᠭᠢᠯᠲᠡ ᠶᠢᠨ ᠬᠤᠭᠤᠴᠠᠭ᠎ᠠ ᠶᠢ ᠪᠣᠭᠤᠨᠢᠰᠬᠠᠵᠤ ᠲᠠᠸᠠᠷ ᠤᠨ ᠨᠣᠷᠮ᠎ᠠ ᠶᠢ ᠳᠡᠭᠡᠭᠰᠢᠯᠡᠭᠦᠯᠬᠦ᠂ | ᠢᠮᠠᠭ᠎ᠠ ᠮᠠᠯᠯᠠᠬᠤ ᠦᠢᠯᠡᠰ ᠤᠨ ᠠᠵᠤ ᠠᠬᠤᠢ ᠶᠢᠨ ᠦᠷ᠎ᠡ ᠠᠰᠢᠭ ᠢ ᠨᠡᠮᠡᠭᠳᠡᠭᠦᠯᠬᠦ ᠵᠡᠷᠭᠡ ᠤᠯᠠᠨ ᠲᠠᠯ᠎ᠠ ᠪᠠᠷ ᠪᠦᠷ | ᠠᠰᠢᠭᠲᠠᠢ ᠪᠠᠶᠢᠳᠠᠭ᠃ ᠨᠥᠭᠦᠭᠡ ᠲᠠᠯ᠎ᠠ ᠪᠠᠷ ᠢᠰᠢᠭᠡᠨ ᠮᠢᠬ᠎ᠠ ᠪᠣᠯ ᠵᠥᠭᠡᠯᠡᠨ᠂ ᠦᠨᠦᠷ ᠠᠮᠲᠠ ᠨᠢ ᠰᠠᠶᠢᠬᠠᠨ᠂ ᠰᠢᠮ᠎ᠡ | ᠲᠡᠵᠢᠭᠡᠯ ᠨᠢ ᠡᠯᠪᠡᠭ᠂ ᠲᠠᠷᠭᠤᠨ ᠮᠢᠬ᠎ᠠ ᠨᠢ ᠪᠠᠭ᠎ᠠ ᠵᠡᠷᠭᠡ ᠳᠠᠪᠠᠭᠤᠯᠢᠭ ᠲᠠᠯ᠎ᠠ ᠲᠠᠢ ᠪᠣᠯᠬᠤᠷ ᠴᠢᠨᠠᠷ ᠰᠠᠶᠢᠲᠠᠢ ᠮᠢᠬᠠᠨ | ᠢᠳᠡᠭᠡᠨ ᠳᠤ ᠲᠣᠭᠠᠴᠢᠭᠳᠠᠨ᠎ᠠ᠃ ᠭᠡᠲᠡᠯ᠎ᠡ ᠡᠨᠡ ᠬᠦ ᠠᠵᠢᠯ ᠰᠠᠶ᠋ᠢ ᠡᠬᠢᠯᠡᠨ ᠦᠷᠨᠢᠵᠦ ᠪᠠᠶᠢᠭ᠎ᠠ ᠲᠤᠯᠠ ᠣᠯᠠᠩᠬᠢ | ᠬᠥᠮᠦᠰ ᠢᠰᠢᠭᠡᠨ ᠮᠢᠬ᠎ᠠ ᠶᠢ ᠢᠳᠡᠵᠦ ᠳᠠᠰᠤᠭᠠᠳᠤᠢ ᠪᠠᠶᠢᠨ᠎ᠠ᠃ ᠬᠥᠮᠦᠰ ᠤᠨ ᠡᠷᠡᠭᠦᠯ ᠮᠡᠨᠳᠦ ᠶᠢᠨ ᠲᠤᠬᠠᠢ ᠦᠵᠡᠯ | ᠤᠬᠠᠮᠰᠠᠷ ᠳᠡᠭᠡᠭᠰᠢᠯᠡᠵᠦ᠂ ᠢᠳᠡᠭᠡᠨ ᠤᠮᠳᠠᠭᠠᠨ ᠤ ᠪᠦᠲᠦᠴᠡ ᠶᠢᠨ ᠬᠤᠪᠢᠷᠠᠬᠤ ᠶᠢ ᠳᠠᠭᠠᠯᠳᠤᠨ ᠢᠰᠢᠭᠡ ᠪᠣᠷᠳᠣᠨ | ᠲᠠᠷᠭᠤᠯᠠᠭᠤᠯᠬᠤ ᠦᠢᠯᠡᠰ ᠯᠠᠪᠲᠠᠢ ᠤᠯᠠᠮ ᠠᠴᠠ ᠤᠯᠠᠮ ᠬᠥᠭᠵᠢᠬᠦ ᠪᠣᠯᠤᠨ᠎ᠠ᠃ ᠢᠰᠢᠭᠡ ᠶᠢ ᠲᠡᠵᠢᠭᠡᠯᠭᠡ ᠳᠤ | ᠤᠷᠤᠭᠤᠯᠵᠤ ᠪᠣᠷᠳᠣᠨ ᠲᠠᠷᠭᠤᠯᠠᠭᠤᠯᠬᠤ ᠳᠤ 5 ᠠᠯᠬᠤᠮ ᠬᠤᠪᠢᠶᠠᠵᠤ᠂ ᠠᠳᠠᠯᠢ ᠪᠣᠰᠣ ᠱᠠᠲᠤᠨ ᠳᠤ ᠠᠳᠠᠯᠢ ᠪᠣᠰᠣ | ᠲᠡᠵᠢᠭᠡᠯ ᠪᠤᠷᠳᠤᠭ᠎ᠠ ᠪᠠᠷ ᠲᠡᠵᠢᠭᠡᠨ᠎ᠡ᠃ ᠢᠰᠢᠭᠡ ᠡᠬᠡ ᠠᠴᠠ ᠪᠠᠨ ᠭᠠᠷᠤᠭᠠᠳ15 ᠡᠳᠦᠷ ᠤᠷᠴᠢᠮ ᠪᠣᠯᠲᠠᠯ᠎ᠠ | ᠡᠬᠡ ᠪᠠᠨ ᠬᠦᠬᠦᠵᠦ ᠡᠬᠡ ᠶᠢᠨ ᠢᠶᠠᠨ ᠰᠦ ᠪᠠᠷ ᠭᠤᠣᠯ ᠲᠡᠵᠢᠭᠡᠯ ᠪᠣᠯᠭᠠᠳᠠᠭ ᠶᠣᠮ᠃ ᠴᠢᠩᠭᠢᠭᠡᠳ 15 ~ 20 | ᠡᠳᠦᠷ ᠪᠣᠯᠪᠠᠯ ᠲᠡᠵᠢᠭᠡᠯ ᠳᠤ ᠣᠷᠣᠵᠤ᠂ ᠡᠪᠡᠰᠦ ᠪᠣᠷᠳᠤᠭ᠎ᠠ ᠢᠳᠡᠵᠦ ᠡᠬᠢᠯᠡᠳᠡᠭ ᠲᠤᠯᠠ ᠡᠨᠡ ᠦᠶ᠎ᠡ ᠳᠤ ᠵᠥᠭᠡᠯᠡᠨ | ᠡᠪᠡᠰᠦ ᠲᠠᠢ ᠪᠡᠯᠴᠢᠭᠡᠷ ᠲᠤ ᠬᠠᠷᠢᠭᠤᠯᠬᠤ ᠪᠤᠶᠤ ᠴᠢᠨᠠᠷ ᠰᠠᠢᠲᠠᠢ ᠬᠠᠭᠤᠷᠠᠢ ᠡᠪᠡᠰᠦ ᠶᠢ ᠳᠤᠷ᠎ᠠ ᠪᠠᠷ ᠨᠢ | ᠢᠳᠡᠰᠢᠯᠡᠭᠦᠯᠵᠦ᠂ ᠡᠳᠦᠷ ᠲᠤ 5 ~ 10g ᠨᠠᠷᠢᠯᠢᠭ ᠪᠣᠷᠳᠤᠭ᠎ᠠ ᠪᠠᠷ ᠨᠥᠬᠦᠪᠥᠷᠢᠯᠡᠨ ᠲᠡᠵᠢᠭᠡᠨ᠎ᠡ᠃ 2 ~ 3 ᠰᠠᠷ᠎ᠠ | ᠪᠣᠯᠪᠠᠯ ᠡᠳᠦᠷ ᠲᠤ 0.1kg ᠨᠠᠷᠢᠯᠢᠭ ᠪᠣᠷᠳᠤᠭ᠎ᠠ᠂ 0.4kg ᠬᠥᠬᠡ ᠪᠣᠷᠳᠤᠭ᠎ᠠ ᠪᠠ ᠬᠥᠬᠡ ᠳᠠᠷᠤᠰᠢ ᠪᠣᠷᠳᠤᠭ᠎ᠠ | ᠥᠭᠬᠦ ᠠᠴᠠ ᠭᠠᠳᠠᠨ᠎ᠠ ᠪᠠᠭ᠎ᠠ ᠰᠠᠭ᠎ᠠ ᠪᠡᠯᠴᠢᠭᠡᠷᠯᠡᠭᠦᠯᠬᠦ ᠡᠰᠡᠬᠦᠯ᠎ᠡ 0.2kg ᠬᠠᠭᠤᠷᠠᠢ ᠡᠪᠡᠰᠦ ᠪᠠᠷ ᠲᠡᠵᠢᠭᠡᠨ᠎ᠡ᠃ 4 | ~ 5 ᠰᠠᠷ᠎ᠠ ᠪᠣᠯᠪᠠᠯ ᠡᠳᠦᠷ ᠲᠤ 0.15kg ᠨᠠᠷᠢᠯᠢᠭ ᠪᠣᠷᠳᠤᠭ᠎ᠠ᠂ 0.6kg ᠬᠥᠬᠡ ᠪᠣᠷᠳᠤᠭ᠎ᠠ ᠪᠠ ᠬᠥᠬᠡ | ᠳᠠᠷᠤᠰᠢ ᠪᠣᠷᠳᠤᠭ᠎ᠠ ᠪᠠᠷ ᠲᠡᠵᠢᠭᠡᠵᠦ᠂ ᠪᠠᠭ᠎ᠠ ᠰᠠᠭ᠎ᠠ ᠪᠡᠯᠴᠢᠭᠡᠷᠯᠡᠭᠦᠯᠬᠦ ᠶᠤᠮ ᠤᠤ᠂ ᠡᠰᠡᠭᠦᠯ᠎ᠡ 0.3kg ᠬᠠᠭᠤᠷᠠᠢ | ᠡᠪᠡᠰᠦ ᠦᠭᠭᠦᠨ᠎ᠡ᠃ 6 ~ 8 ᠰᠠᠷ᠎ᠠ ᠪᠣᠯᠪᠠᠯ ᠡᠳᠦᠷ ᠲᠤ 0.2kg ᠨᠠᠷᠢᠯᠢᠭ ᠪᠤᠷᠳᠤᠭ᠎ᠠ᠂ 1kg ᠬᠦᠬᠡ ᠳᠠᠷᠤᠰᠢ | ᠪᠤᠷᠳᠤᠭ᠎ᠠ ᠪᠠᠷ ᠲᠡᠵᠢᠭᠡᠬᠦ ᠶᠢᠨ ᠬᠠᠮᠲᠤ ᠪᠠᠭ᠎ᠠ ᠰᠠᠭ᠎ᠠ ᠪᠡᠯᠴᠢᠭᠡᠷᠯᠡᠭᠦᠯᠬᠦ ᠶᠣᠮ ᠤᠤ᠂ ᠡᠰᠡᠬᠦᠯ᠎ᠡ 0.4kg ᠬᠠᠭᠤᠷᠠᠢ | ᠡᠪᠡᠰᠦ ᠪᠠᠷ ᠲᠡᠵᠢᠭᠡᠨ᠎ᠡ᠃ 9 ~ 10 ᠰᠠᠷ᠎ᠠ ᠪᠣᠯᠪᠠᠯ ᠡᠳᠦᠷ ᠲᠤ 0.3kg ᠨᠠᠷᠢᠯᠢᠭ ᠪᠣᠷᠳᠤᠭ᠎ᠠ᠂ 1.4kg ᠬᠥᠬᠡ | ᠪᠣᠷᠳᠤᠭ᠎ᠠ ᠪᠠᠷ ᠬᠥᠬᠡ ᠳᠠᠷᠤᠰᠢ ᠪᠣᠷᠳᠤᠭ᠎ᠠ ᠪᠠᠷ ᠲᠡᠵᠢᠭᠡᠬᠦ ᠶᠢᠨ ᠬᠠᠮᠲᠤ ᠪᠠᠭ᠎ᠠ ᠰᠠᠭ᠎ᠠ ᠪᠡᠯᠴᠢᠭᠡᠷᠯᠡᠭᠦᠯᠬᠦ ᠶᠤᠮ ᠤᠤ᠂ | ᠡᠰᠡᠬᠦᠯ᠎ᠡ 0.5kg ᠲᠣᠮᠣ ᠬᠠᠭᠤᠷᠠᠢ ᠡᠪᠡᠰᠦ ᠪᠠᠷ ᠲᠡᠵᠢᠭᠡᠨ᠎ᠡ᠃ | ᠲᠡᠵᠢᠭᠡᠬᠦ ᠠᠷᠭ᠎ᠠ ᠶᠢᠨ ᠲᠠᠯ᠎ᠠ ᠪᠠᠷ ᠡᠳᠦᠷ ᠲᠤ 3 ᠤᠳᠠᠭ᠎ᠠ ᠤᠩᠭᠤᠴᠠᠨ ᠳᠤ ᠲᠡᠵᠢᠭᠡᠵᠦ᠂ ᠣᠳᠠᠭ᠎ᠠ ᠪᠦᠷᠢ 3 | ᠲᠦᠷᠦᠯ ᠤᠨ ᠲᠡᠵᠢᠭᠡᠯ ᠪᠤᠷᠳᠤᠭ᠎ᠠ ᠪᠠᠷ ᠳᠡᠰ ᠳᠠᠷᠠᠭ᠎ᠠ ᠲᠠᠢ ᠲᠡᠵᠢᠭᠡᠪᠡᠯ ᠰᠠᠶᠢᠨ ᠪᠠᠶᠢᠳᠠᠭ᠃ ᠡᠭᠦᠨ ᠳᠤ ᠦᠷᠯᠦᠭᠡ | ᠡᠷᠲᠡ 7 ~ 8 ᠴᠠᠭ ᠤᠨ ᠬᠤᠭᠤᠷᠤᠨᠳᠤ᠂ ᠦᠳᠡ ᠳᠤ 12 ~ 13 ᠴᠠᠭ ᠤᠨ ᠬᠤᠭᠤᠷᠤᠨᠳᠤ᠂ ᠤᠷᠤᠢ 18 ~ | 19 ᠴᠠᠭ ᠤᠨ ᠬᠤᠭᠤᠷᠤᠨᠳᠤ᠂ ᠤᠷᠤᠢ 18 ~ 19 ᠴᠠᠭ ᠤᠨ ᠬᠤᠭᠤᠷᠤᠨᠳᠤ ᠲᠤᠰ ᠲᠤᠰ 1 ᠣᠳᠠᠭ᠎ᠠ | ᠲᠡᠵᠢᠭᠡᠵᠦ᠂ ᠤᠳᠠᠭ᠎ᠠ ᠪᠦᠷᠢ ᠤᠷᠢᠳ ᠢᠶᠠᠷ ᠤᠶᠢᠷ᠎ᠠ ᠵᠠᠭᠤᠷ᠎ᠠ ᠪᠠᠭ᠎ᠠ ᠰᠠᠭ᠎ᠠ ᠪᠡᠯᠴᠢᠭᠡᠷᠯᠡᠭᠦᠯᠬᠦ ᠪᠣᠶᠣ ᠬᠠᠭᠤᠷᠠᠢ | ᠡᠪᠡᠰᠦ ᠪᠠᠷ ᠲᠡᠵᠢᠭᠡᠵᠦ᠂ ᠳᠠᠷᠠᠭ᠎ᠠ ᠨᠢ ᠨᠠᠷᠢᠯᠢᠭ ᠪᠤᠷᠳᠤᠭ᠎ᠠ ᠪᠠᠷ ᠲᠡᠵᠢᠭᠡᠵᠦ᠂ ᠬᠠᠮᠤᠭ ᠰᠡᠭᠦᠯ ᠳᠤ ᠬᠦᠬᠡ ᠪᠤᠷᠳᠤᠭ᠎ᠠ | ᠪᠣᠯᠣᠨ ᠬᠦᠬᠡ ᠳᠠᠷᠤᠰᠢ ᠪᠤᠷᠳᠤᠭ᠎ᠠ ᠪᠠᠷ ᠲᠡᠵᠢᠭᠡᠪᠡᠯ ᠵᠣᠬᠢᠨ᠎ᠠ᠃ ᠲᠡᠭᠡᠬᠦ ᠳᠡᠭᠡᠨ ᠤᠷᠤᠢ ᠪᠦᠷᠢ ᠲᠡᠵᠢᠭᠡᠬᠦ ᠦᠶ᠎ᠡ ᠳᠤ | ᠬᠠᠭᠤᠷᠠᠢ ᠡᠪᠡᠰᠦᠨ ᠤ ᠬᠡᠮᠵᠢᠶ᠎ᠡ ᠶᠢ ᠵᠣᠬᠢᠬᠤ ᠬᠡᠮᠵᠢᠶ᠎ᠡ ᠪᠠᠷ ᠨᠠᠮᠠᠵᠦ᠂ ᠬᠦᠬᠡ ᠡᠪᠡᠰᠦ ᠪᠣᠯᠣᠨ ᠬᠦᠬᠡ ᠳᠠᠷᠤᠰᠢ | ᠪᠤᠷᠳᠤᠭᠠᠨ ᠤ ᠬᠡᠮᠵᠢᠶ᠎ᠡ ᠶᠢ ᠵᠣᠬᠢᠴᠠᠩᠭᠤᠢ ᠪᠠᠷ ᠪᠠᠭᠠᠰᠬᠠᠵᠤ ᠪᠤᠯᠤᠨ᠎ᠠ᠃ ᠢᠩᠭᠢᠪᠡᠯ ᠢᠰᠢᠭᠡ ᠶᠢ ᠪᠤᠷᠳᠤᠨ | ᠲᠠᠷᠭᠤᠯᠠᠭᠤᠯᠬᠤ ᠵᠣᠷᠢᠯᠭ᠎ᠠ ᠳᠤ ᠬᠦᠷᠴᠦ ᠴᠢᠳᠠᠨ᠎ᠠ᠃ | ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠨ ᠵᠤᠬᠢᠶᠠᠭᠰᠠᠨ ︽ᠮᠠᠯ ᠤᠨ ᠲᠡᠵᠢᠭᠡᠯᠭᠡ | ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |