ᠭᠡᠷ ᠲᠡᠭᠡᠨ ᠬᠠᠷᠢᠭᠰᠠᠨ ᠤ ᠳᠠᠷᠠᠭ᠎ᠠ ᠡᠳᠡᠭᠡᠷ ᠵᠦᠢᠯ ᠳᠤ ᠠᠷᠢᠭᠤᠳᠬᠠᠯ ᠬᠢᠬᠦ ᠴᠢᠬᠤᠯᠠᠲᠠᠢ ᠦᠦ︖
ᠨᠡᠶᠢᠲᠡᠯᠡᠭᠰᠡᠨ ᠴᠠᠭ᠄
2020/3/27
  ★ᠬᠡᠵᠢᠬᠡ ᠦᠰᠦ    ᠭᠠᠳᠠᠭ᠎ᠠ ᠭᠠᠷᠬᠤ ᠡᠰᠡᠬᠦᠯ᠎ᠡ ᠣᠯᠠᠨ ᠨᠡᠶᠢᠳᠡ ᠶᠢᠨ ᠭᠠᠵᠠᠷ ᠣᠴᠢᠭᠰᠠᠨ ᠴᠣ᠋᠂ ᠬᠡᠵᠢᠬᠡ ᠦᠰᠦᠨ ᠳᠤ ᠸᠢᠷᠦ᠋ᠰ  ᠨᠠᠭᠠᠯᠳᠣᠬᠤ ᠪᠣᠯᠣᠮᠵᠢ ᠲᠣᠶᠢᠯ ᠤᠨ ᠳᠣᠣᠷ᠎ᠠ ᠪᠠᠶᠢᠳᠠᠭ᠃ ᠡᠶᠢᠮᠦ ᠠᠴᠠ ᠭᠡᠷ ᠲᠡᠭᠡᠨ ᠬᠠᠷᠢᠭᠰᠠᠨ ᠤ ᠳᠠᠷᠠᠭ᠎ᠠ ᠬᠡᠵᠢᠬᠡ ᠦᠰᠦ ᠪᠠᠨ ᠲᠣᠰᠬᠠᠢ ᠣᠬᠢᠶᠠᠵᠦ ᠠᠷᠢᠭᠤᠳᠬᠠᠭᠰᠠᠨ ᠤ ᠴᠢᠬᠤᠯᠨ ᠦᠬᠡᠢ᠃ ᠡᠳᠦᠷ ᠲᠣᠳᠣᠮ ᠤᠨ ᠠᠷᠢᠭᠤᠨ  ᠴᠡᠪᠡᠷ ᠢᠶᠠᠨ ᠪᠠᠳᠣᠯᠠᠵᠦ ᠪᠠᠶᠢᠪᠠᠯ ᠪᠣᠯᠴᠢᠬᠠᠨ᠎ᠠ᠃ ★ᠭᠠᠷ ᠤᠨ ᠠᠷᠠᠰᠣ    ᠰᠢᠨ᠎ᠡ ᠺᠣᠷᠣᠨ᠋ᠨ ᠸᠢᠷᠦ᠋ᠰ ᠠᠷᠠᠰᠣ ᠮᠢᠬ᠎ᠠ ᠪᠠᠷ ᠲᠠᠮᠵᠢᠵᠦ ᠬᠠᠯᠳᠠᠪᠤᠷᠢᠯᠠᠳᠠᠭ ᠦᠬᠡᠢ᠃ ᠡᠶᠢᠮᠦ ᠠᠴᠠ ᠵᠦᠪ  ᠣᠨᠣᠪᠴᠢᠳᠠᠢ ᠭᠠᠷ ᠢᠶᠠᠨ ᠣᠬᠢᠶᠠᠵᠦ᠂ ᠭᠠᠷ ᠣᠬᠢᠶᠠᠬᠤ ᠲᠠᠳᠬᠠᠯ ᠢ ᠪᠣᠢ ᠪᠣᠯᠭᠠᠪᠠᠯ ᠡᠳᠡᠭᠡᠷ ᠸᠢᠷᠦ᠋ᠰ ᠤᠨ  ᠬᠠᠯᠳᠠᠪᠣᠷᠢᠯᠠᠯ ᠢ ᠰᠡᠷᠬᠡᠶᠢᠯᠡᠵᠦ ᠴᠢᠳᠠᠨ᠎ᠠ᠃   ★ᠨᠢᠳᠣ ᠠᠮᠨ ᠬᠠᠮᠠᠷ    ᠸᠢᠷᠦ᠋ᠰ ᠭᠤᠣᠯᠳᠠᠭᠤ ᠠᠮᠠᠨ ᠤ ᠬᠦᠨᠳᠠᠢ᠂ ᠬᠠᠮᠠᠷ ᠤᠨ ᠬᠦᠨᠳᠠᠢ ᠪᠣᠯᠣᠨ ᠨᠢᠳᠣ ᠪᠠᠷ ᠳᠠᠮᠵᠢᠵᠤ  ᠬᠠᠯᠳᠠᠪᠤᠷᠢᠯᠠᠳᠠᠭ᠃ ᠡᠶᠢᠮᠦ ᠠᠴᠠ ᠭᠠᠷ ᠢᠶᠠᠨ ᠤᠬᠢᠶᠠᠬᠤ ᠠᠴᠠ ᠡᠮᠦᠨ᠎ᠡ ᠨᠢᠳᠦ ᠠᠮᠠ ᠬᠠᠮᠠᠷ ᠤᠨ ᠬᠡᠰᠡᠭ ᠲᠤ ᠭᠠᠷ   ᠢᠶᠠᠨ ᠪᠢᠲᠡᠭᠡᠢ ᠬᠦᠷᠭᠡᠭᠡᠷᠡᠢ᠃   ★ᠬᠤᠪᠴᠠᠰᠣ ᠬᠤᠨᠠᠷ    ᠸᠢᠷᠦ᠋ᠰ ᠬᠤᠪᠴᠠᠰᠣ ᠬᠤᠨᠠᠷ ᠢᠶᠠᠷ ᠬᠠᠯᠳᠠᠪᠣᠷᠢᠯᠠᠬᠤ ᠨᠣᠷᠮ᠎ᠠ ᠲᠣᠶᠢᠯ ᠤᠨ ᠲᠣᠣᠷ᠎ᠠ ᠶᠤᠮ᠃ ᠬᠡᠷᠪᠡ᠂ ᠣᠨᠴᠠᠭᠠᠢ ᠭᠠᠵᠠᠷ ᠣᠴᠢᠭᠰᠠᠨ ᠦᠬᠡᠢ᠂ ᠲᠤᠬᠠᠶᠢᠯᠠᠪᠠᠯ᠂ ᠡᠮᠨᠡᠯᠬᠡ ᠶᠢᠨ ᠬᠤᠷᠢᠶᠠᠨ ᠳᠤ ᠣᠴᠢᠨ ᠡᠪᠡᠳᠴᠢᠳᠡᠨ ᠢ ᠡᠷᠬᠢᠵᠦ ᠦᠵᠡᠭᠰᠡᠨ ᠦᠬᠡᠢ ᠪᠣᠶᠣ ᠰᠡᠵᠢᠭᠯᠡᠯᠲᠡᠢ ᠡᠪᠡᠳᠴᠢᠳᠡᠨ ᠲᠠᠢ ᠣᠶᠢᠷᠠᠳᠣᠭᠰᠠᠨ ᠦᠬᠡᠢ ᠪᠣᠯ ᠬᠤᠪᠴᠠᠰᠣ ᠬᠤᠨᠠᠷ ᠢᠶᠠᠨ  ᠲᠣᠰᠬᠠᠢ ᠠᠷᠢᠭᠤᠳᠬᠠᠭᠰᠠᠨ ᠤ ᠴᠢᠬᠤᠯᠨ ᠦᠬᠡᠢ᠃   ★ᠱᠠᠬᠠᠢ ᠶᠢᠨ ᠣᠯᠨ    ᠡᠳᠦᠷ ᠲᠣᠳᠣᠮ ᠤᠨ ᠠᠮᠢᠳᠣᠷᠠᠯ ᠲᠣᠮᠳᠠ ᠱᠠᠬᠠᠢ ᠶᠢᠨ ᠣᠯᠨ ᠪᠠᠨ ᠠᠷᠢᠭᠤᠳᠬᠠᠬᠤ ᠴᠢᠬᠤᠯᠨ ᠦᠬᠡᠢ᠃ ᠠᠷᠢᠭᠤᠨ ᠴᠡᠪᠡᠷ ᠢ ᠪᠠᠳᠣᠯᠠᠪᠠᠯ ᠪᠣᠯᠴᠢᠬᠠᠨ᠎ᠠ᠃ ᠬᠡᠷ ᠲᠡᠭᠡᠨ ᠬᠠᠷᠢᠭᠰᠠᠨ ᠤ ᠲᠠᠷᠠᠭ᠎ᠠ᠂ ᠡᠮᠦᠰᠦᠭᠰᠡᠨ ᠱᠠᠬᠠᠢ ᠪᠠᠨ  ᠬᠠᠭᠠᠯᠭ᠎ᠠ  ᠶᠢᠨ ᠢᠶᠠᠨ ᠭᠠᠳᠠᠨ᠎ᠠ ᠲᠠᠯᠪᠢᠵᠤ ᠭᠡᠷ ᠲᠡᠭᠡᠨ ᠣᠷᠣᠬᠤ ᠶᠢ ᠰᠠᠨᠠᠭᠤᠯᠣᠶ᠎ᠠ᠃   ★ᠠᠮᠠᠪᠴᠢ    ᠠᠮᠠᠪᠴᠢ ᠶᠢᠨ ᠭᠠᠳᠠᠷ ᠲᠠᠯ᠎ᠠ ᠨᠢ ᠬᠠᠮᠤᠭ ᠠᠴᠠ ᠪᠣᠵᠠᠷ ᠪᠠᠶᠢᠳᠠᠭ ᠪᠣᠯᠬᠤᠷ ᠬᠡᠷ ᠲᠡᠭᠡᠨ ᠬᠠᠷᠢᠭᠰᠠᠨ ᠤ ᠲᠠᠷᠠᠭ᠎ᠠ  ᠠᠮᠠᠪᠴᠢ ᠪᠠᠨ ᠠᠪᠬᠤ ᠳᠤ ᠠᠮᠠᠪᠴᠢ ᠶᠢᠨ ᠭᠠᠳᠠᠷ ᠲᠠᠯ᠎ᠠ ᠶᠢ ᠭᠠᠷ ᠢᠶᠠᠷ ᠢᠶᠠᠨ ᠰᠢᠭᠤᠳ ᠪᠠᠷᠢᠵᠤ ᠪᠣᠯᠬᠤ ᠦᠭᠡᠢ᠃ ᠨᠢᠬᠡ ᠣᠳᠠᠭ᠎ᠠ ᠬᠡᠷᠡᠭᠯᠡᠬᠦ ᠡᠮᠴᠢᠯᠡᠬᠡᠨ ᠤ ᠠᠮᠠᠪᠴᠢ ᠶᠢ ᠴᠡᠪᠡᠷ ᠭᠠᠵᠠᠷ ᠲᠠᠯᠪᠢᠵᠦ᠂ ᠠᠭᠠᠷ ᠰᠠᠯᠬᠢ ᠨᠡᠪᠳᠡᠷᠡᠬᠦᠯᠦᠨ  ᠬᠠᠳᠠᠭᠠᠭᠰᠠᠨ ᠤ ᠲᠠᠷᠠᠭ᠎ᠠ ᠲᠠᠬᠢᠨᠳᠠ ᠬᠡᠷᠡᠭᠯᠡᠵᠦ ᠪᠣᠯᠣᠨ᠎ᠠ᠃   ★ᠭᠠᠷ ᠣᠳᠠᠰᠣ    ᠭᠠᠳᠠᠨ᠎ᠠ ᠠᠴᠠ ᠬᠡᠷ ᠲᠡᠭᠡᠨ ᠬᠠᠷᠢᠭᠰᠠᠨ ᠤ ᠲᠠᠷᠠᠭ᠎ᠠ᠂ ᠭᠠᠷ ᠣᠳᠠᠰᠣ ᠪᠠᠨ ᠬᠠᠭᠠᠵᠦ᠂ 75% ᠤᠨ ᠰᠫᠢᠷᠲ  ᠪᠣᠶᠣ ᠡᠯᠧᠺᠲᠷᠣᠨ ᠬᠡᠷᠡᠭᠰᠡᠯ ᠳᠤ ᠬᠠᠯᠨ ᠦᠬᠡᠢ ᠠᠷᠢᠭᠤᠳᠬᠠᠯ ᠤᠨ ᠴᠠᠭᠠᠰᠣ ᠪᠠᠷ ᠭᠠᠷ ᠣᠳᠠᠰᠣ ᠪᠠᠨ ᠵᠦᠯᠬᠦᠵᠦ  ᠠᠷᠢᠭᠤᠳᠬᠠᠨ᠎ᠠ᠃ ᠬᠡᠷᠪᠡ ᠭᠠᠳᠠᠭᠰᠢ ᠭᠠᠷᠤᠭᠠᠳ ᠭᠠᠷ ᠤᠲᠠᠰᠤ ᠪᠠᠨ ᠬᠡᠷᠡᠭᠯᠡᠭᠰᠡᠨ ᠦᠬᠡᠢ ᠪᠣᠯ ᠠᠷᠢᠭᠤᠳᠬᠠᠬᠤ  ᠬᠡᠷᠡᠭ ᠦᠬᠡᠢ᠃   ★ᠲᠦᠯᠬᠢᠬᠦᠷ   ᠲᠦᠯᠬᠢᠬᠦᠷ ᠢᠶᠠᠨ ᠠᠷᠢᠭᠤᠳᠬᠠᠬᠤ ᠶᠢ ᠣᠯᠠᠨ ᠬᠥᠮᠥᠨ ᠣᠮᠲᠣᠭᠠᠶᠢᠯᠠᠵᠤ ᠪᠠᠶᠢᠨ᠎ᠠ᠃ ᠲᠦᠯᠬᠢᠬᠦᠷ ᠢ ᠰᠫᠢᠷᠲ ᠠᠭᠤᠯᠣᠭᠰᠠᠨ ᠠᠷᠢᠭᠤᠳᠬᠠᠯ ᠤᠨ ᠰᠢᠩᠬᠡᠨ ᠢᠶᠠᠷ ᠪᠠᠶᠢᠩᠭᠤ ᠵᠦᠯᠬᠦᠵᠦ ᠠᠷᠢᠭᠤᠳᠬᠠᠬᠤ ᠬᠡᠷᠡᠭᠲᠡᠢ᠃     ★ᠡᠳ᠋ ᠪᠠᠷᠠᠭ᠎ᠠ ᠬᠤᠳᠠᠯᠳᠤᠨ ᠠᠪᠬᠤ ᠤᠭᠤᠲᠠ   ᠭᠠᠳᠠᠭᠰᠢ ᠭᠠᠷᠴᠦ ᠪᠠᠷᠠᠭ᠎ᠠ ᠲᠠᠸᠠᠷ ᠬᠤᠳᠠᠯᠳᠤᠨ ᠠᠪᠬᠤ ᠳᠤ ᠴᠢᠳᠠᠬᠤ ᠶᠢᠨ ᠲᠣᠳᠣᠷ᠎ᠠ ᠦᠪᠡᠷᠳᠡᠬᠡᠨ ᠣᠭᠤᠳᠠ  ᠪᠡᠯᠡᠳᠬᠡᠵᠦ ᠪᠠᠶᠢᠭᠠᠷᠠᠢ᠃ ᠱᠠᠭᠠᠷᠳᠠᠯᠭ᠎ᠠ ᠲᠠᠢ ᠦᠶᠡᠰ 75% ᠤᠨ ᠰᠫᠢᠷᠲ ᠢ ᠤᠭᠤᠲᠠ ᠶᠢᠨ ᠢᠶᠠᠨ ᠭᠠᠳᠠᠷ ᠲᠠᠯ᠎ᠠ   ᠳᠤ ᠨᠢ ᠰᠦᠷᠴᠢᠵᠦ ᠠᠷᠢᠭᠤᠳᠬᠠᠨ᠎ᠠ᠃       ᠢᠷᠡᠯᠲᠡ᠄   ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号