ᠵᠣᠨ ᠤ ᠴᠠᠭ ᠶᠠᠮᠠᠷ ᠬᠦᠮᠦᠨ ᠠᠮᠡᠷᠬᠠᠨ ᠨᠠᠷᠠᠰᠢᠳᠠᠭ ᠪᠣᠢ
ᠨᠡᠶᠢᠲᠡᠯᠡᠭᠰᠡᠨ ᠴᠠᠭ᠄
2020/6/15
                    ᠦᠨᠡᠨ ᠢ ᠬᠡᠯᠡᠪᠡᠯ ᠬᠡᠨ ᠴᠣ᠋ ᠬᠡᠳ ᠨᠠᠷᠠᠰᠢᠵᠣ ᠮᠡᠳᠡᠨ᠎ᠡ᠂ ᠬᠡᠪᠡᠴᠦ ᠬᠠᠷᠢᠴᠠᠭᠤᠯᠵᠣ ᠦᠵᠡᠪᠡᠯ  ᠲᠣᠣᠷ᠎ᠠ ᠲᠣᠷᠠᠳᠣᠭᠰᠠᠨ ᠡᠨᠡ ᠨᠠᠢᠮᠠᠨ ᠵᠦᠢᠯ ᠤᠨ ᠭᠦᠮᠦᠨ ᠠᠮᠠᠷᠬᠠᠨ ᠨᠠᠷᠠᠰᠢᠳᠠᠭ ᠪᠠᠶᠢᠨ᠎ᠠ᠃            1. ᠨᠠᠰᠣᠳᠠᠶᠢᠴᠣᠳ — — ᠨᠠᠰᠣ ᠨᠡᠮᠡᠭᠳᠡᠭᠦ ᠶᠢ ᠲᠠᠭᠠᠯᠳᠣᠨ ᠭᠦᠮᠦᠨ ᠤ ᠡᠯ᠎ᠡ ᠡᠷᠬᠡᠳᠡᠨ ᠤ ᠠᠵᠢᠯᠯᠠᠭ᠎ᠠ ᠮᠠᠭᠤᠳᠠᠵᠣ᠂ ᠭᠦᠯᠦᠰᠦᠨ ᠪᠣᠯᠴᠢᠷᠬᠠᠢ ᠠᠪᠴᠢᠵᠣ᠂ ᠰᠢᠨ᠎ᠡ ᠬᠠᠭᠤᠴᠢᠨ ᠤ ᠰᠣᠯᠢᠭᠳᠠᠯ  ᠣᠳᠠᠭᠠᠰᠢᠷᠠᠭᠰᠠᠨ ᠠᠴᠠ ᠠᠮᠠᠷᠬᠠᠨ ᠨᠠᠷᠠᠰᠢᠳᠠᠭ ᠶᠤᠮ᠃           2. ᠵᠢᠷᠮᠦᠰᠦᠨ ᠪᠦᠰᠡᠭᠦᠢ ᠪᠣᠯᠣᠨ ᠰᠠᠶ᠋ᠢᠬᠠᠨ ᠭᠦᠩᠬᠡᠵᠢᠭᠰᠡᠨ ᠪᠦᠰᠡᠭᠦᠢ — — ᠡᠨᠡ  ᠦᠶ᠎ᠡ ᠳᠤ ᠭᠦᠮᠦᠨ ᠤ ᠪᠡᠶ᠎ᠡ ᠶᠢᠨ ᠡᠯ᠎ᠡ ᠲᠠᠯ᠎ᠠ ᠶᠢᠨ ᠠᠵᠢᠯᠯᠭ᠎ᠠ ᠪᠦᠷ ᠰᠣᠯᠠᠷᠠᠵᠣ᠂ ᠴᠠᠷᠠᠯᠳᠠ ᠶᠢᠨ ᠴᠢᠳᠠᠪᠣᠷᠢ  ᠲᠣᠣᠷ᠎ᠠ ᠪᠠᠶᠢᠳᠠᠭ ᠪᠣᠯᠬᠤᠷ ᠠᠮᠠᠷᠬᠠᠨ ᠨᠠᠷᠠᠰᠢᠳᠠᠭ᠃            3. ᠨᠢᠯᠬ᠎ᠠ ᠪᠠᠭ᠎ᠠ ᠬᠡᠦᠬᠡᠳ — — ᠨᠢᠯᠬ᠎ᠠ ᠪᠠᠭ᠎ᠠ ᠬᠡᠦᠬᠡᠳ ᠤᠨ ᠡᠯ᠎ᠡ ᠰᠢᠰᠲ᠋ᠧᠮ ᠤᠨ  ᠪᠤᠶᠢᠵᠢᠯᠳᠠ ᠪᠦᠷᠢᠨ ᠪᠣᠰᠣ᠂ ᠪᠡᠶ᠎ᠡ ᠶᠢᠨ ᠬᠠᠯᠠᠭᠤᠨ ᠭᠦᠢᠳᠡᠨ ᠢ ᠲᠡᠩᠴᠡᠭᠦᠯᠬᠦ ᠴᠢᠳᠠᠪᠣᠷᠢ ᠲᠣᠷᠣᠢ᠂ ᠠᠷᠠᠰᠣᠨ  ᠲᠣᠣᠷᠠᠬᠢ ᠦᠭᠡᠬᠦ ᠵᠣᠵᠠᠭᠠᠨ᠂ ᠬᠠᠯᠠᠭᠤᠨ ᠭᠠᠳᠠᠭᠰᠢᠯᠠᠭᠤᠯᠬᠤ ᠶᠢ ᠬᠠᠷᠰᠢᠯᠠᠳᠠᠭ ᠪᠣᠯᠬᠤᠷ ᠠᠮᠠᠷᠬᠠᠨ ᠨᠠᠷᠠᠰᠢᠳᠠᠭ᠃            4. ᠵᠢᠷᠦᠬᠡ ᠴᠢᠰᠣᠨ ᠰᠣᠳᠠᠯ ᠤᠨ ᠡᠪᠡᠳᠴᠢᠳᠡᠨ — — ᠡᠲᠦᠷ ᠬᠠᠯᠠᠭᠤᠨ ᠪᠣᠯᠬᠤ ᠦᠶ᠎ᠡ ᠳᠤ  ᠵᠢᠷᠦᠬᠡ ᠴᠢᠰᠣᠨ ᠰᠣᠳᠠᠯ ᠤᠨ ᠡᠪᠡᠳᠴᠢᠳᠡᠨ ᠤ ᠰᠣᠯᠪᠢᠭᠤ ᠮᠡᠳᠡᠷᠡᠯ ᠤᠨ ᠰᠣᠳᠠᠰᠣ ᠠᠮᠠᠷᠬᠠᠨ ᠭᠦᠬᠡᠷᠦᠨ᠂  ᠡᠪᠡᠳᠴᠢᠨ ᠭᠦᠨᠳᠦᠷᠡᠬᠦ ᠠᠶᠣᠯᠳᠠᠢ ᠮᠦᠷᠳᠡᠬᠡᠨ ᠵᠢᠷᠦᠬᠡᠨ ᠠᠵᠢᠯᠯᠠᠭ᠎ᠠ ᠪᠦᠷᠢᠨ ᠪᠣᠰᠣ ᠡᠪᠡᠳᠴᠢᠳᠡᠨ ᠤ ᠬᠠᠯᠠᠭᠤᠨ ᠢ  ᠭᠠᠳᠠᠭᠰᠢᠯᠠᠭᠤᠯᠬᠤ ᠴᠢᠳᠠᠪᠣᠷᠢ ᠮᠠᠭᠤ ᠪᠣᠯᠬᠤᠷ ᠠᠮᠠᠷᠬᠠᠨ ᠨᠠᠷᠠᠰᠢᠳᠠᠭ᠃            5. ᠰᠢᠬᠢᠷ ᠰᠢᠵᠢᠩ ᠤᠨ ᠡᠪᠡᠳᠴᠢᠳᠡᠨ — — ᠰᠢᠬᠢᠷ ᠰᠢᠵᠢᠩ ᠤᠨ ᠡᠪᠡᠳᠴᠢᠳᠡᠨ ᠤ  ᠪᠡᠶ᠎ᠡ ᠨᠢ ᠭᠠᠳᠠᠨᠠᠬᠢ ᠬᠠᠯᠠᠭᠤᠨ ᠭᠦᠢᠳᠡᠨ ᠤ ᠬᠤᠪᠢᠷᠠᠯᠳᠠ ᠳᠤ ᠰᠡᠷᠬᠡᠭ ᠦᠭᠡᠢ᠂ ᠮᠡᠳᠡᠷᠡᠯ ᠪᠢᠳᠡᠭᠦᠯᠢᠭ᠂  ᠡᠪᠡᠳᠴᠢᠳᠡᠨ ᠦᠪᠡᠷ ᠤᠨ ᠬᠠᠯᠠᠭᠤᠴᠠᠵᠣ ᠪᠠᠶᠢᠬᠤ ᠪᠠᠨ ᠮᠡᠳᠡᠬᠦ ᠦᠭᠡᠢ ᠶᠤᠮ ᠤᠤ ᠣᠷᠦ᠋ᠢᠳᠡᠵᠦ ᠮᠡᠳᠡᠳᠡᠭ  ᠣᠴᠢᠷ ᠠᠴᠠ ᠠᠮᠠᠷᠬᠠᠨ ᠨᠠᠷᠠᠰᠢᠳᠠᠭ᠃            6. ᠡᠯ᠎ᠡ ᠵᠦᠢᠯ ᠤᠨ ᠦᠷᠪᠢᠰᠦᠯ ᠳᠤ ᠨᠡᠷᠪᠡᠭᠳᠡᠭᠰᠡᠨ ᠡᠪᠡᠳᠴᠢᠳᠡᠨ — — ᠡᠯ᠎ᠡ ᠵᠦᠢᠯ ᠤᠨ  ᠦᠷᠪᠢᠰᠦᠯ ᠠᠴᠠ ᠪᠣᠯᠵᠣ ᠭᠦᠮᠦᠨ ᠤ ᠪᠡᠶ᠎ᠡ ᠠᠶᠠᠨᠳᠠᠭᠠᠨ ᠬᠠᠯᠠᠭᠤᠷᠠᠵᠦ᠂ ᠴᠢᠰᠣᠨ ᠰᠣᠳᠠᠯ ᠠᠪᠴᠢᠬᠤ ᠣᠴᠢᠷ ᠠᠴᠠ  ᠬᠠᠯᠠᠭᠤᠨ ᠭᠠᠳᠠᠭᠰᠢᠯᠠᠭᠤᠯᠬᠤ ᠶᠠᠪᠣᠳᠠᠯ ᠳᠤ ᠰᠠᠭᠠᠳ ᠪᠣᠯᠵᠣ ᠠᠮᠠᠷᠬᠠᠨ ᠨᠠᠷᠠᠰᠢᠳᠠᠭ᠃            7. ᠰᠢᠮ᠎ᠡ ᠲᠡᠵᠢᠬᠡᠯ ᠲᠣᠳᠠᠬᠤ ᠭᠦᠮᠦᠰ — — ᠰᠢᠮ᠎ᠡ ᠲᠡᠵᠢᠬᠡᠯ ᠭᠦᠷᠦᠯᠴᠡᠬᠦ ᠦᠭᠡᠢ  ᠦᠶ᠎ᠡ ᠳᠤ ᠭᠦᠮᠦᠨ ᠤ ᠴᠢᠰᠣᠨ ᠰᠣᠳᠠᠯ ᠠᠪᠴᠢᠵᠤ᠂ ᠬᠠᠯᠠᠭᠤᠨ ᠭᠠᠳᠠᠭᠰᠢᠯᠠᠭᠤᠯᠬᠤ ᠶᠠᠪᠣᠳᠠᠯ ᠳᠤ ᠠᠰᠢᠭ ᠦᠭᠡᠢ  ᠮᠦᠷᠳᠡᠬᠡᠨ ᠰᠢᠮ᠎ᠡ ᠲᠡᠵᠢᠬᠡᠯ ᠭᠦᠷᠦᠯᠴᠡᠬᠦ ᠦᠭᠡᠢ ᠭᠦᠮᠦᠨ ᠠᠮᠠᠷᠬᠠᠨ ᠰᠠᠭᠤᠯᠭᠠᠵᠣ᠂ ᠭᠦᠮᠦᠨ ᠤ ᠪᠡᠶ᠎ᠡ ᠣᠰᠣ  ᠠᠯᠳᠠᠬᠤ ᠶᠤᠮ ᠤᠤ ᠴᠠᠬᠢᠯᠭᠠᠨ ᠵᠠᠳᠠᠯᠣᠬᠳᠠᠬᠤᠨ ᠤ ᠰᠣᠯᠢᠯᠴᠠᠭ᠎ᠠ ᠰᠠᠮᠠᠭᠤᠷᠠᠳᠠᠭ ᠣᠴᠢᠷ ᠠᠴᠠ ᠠᠮᠠᠷᠬᠠᠨ ᠨᠠᠷᠠᠰᠢᠳᠠᠭ  ᠃            8. ᠨᠡᠬᠡᠳᠡᠰᠦᠨ ᠤ ᠠᠮᠢᠨ ᠢ ᠡᠰᠡᠷᠭᠦᠴᠡᠭᠦ ᠲᠦᠷᠦᠯ ᠤᠨ ᠡᠮ᠂ ᠰᠦᠰᠦᠨ ᠱᠦᠯᠳᠦ ᠶᠢ ᠡᠰᠡᠷᠭᠦᠴᠡᠭᠦ  ᠡᠮ᠂ ᠣᠨᠳᠠᠭᠤᠯᠬᠤ ᠡᠮ ᠣᠣᠭᠤᠵᠦ ᠪᠠᠶᠢᠬᠤ ᠭᠦᠮᠦᠨ — — ᠡᠳᠡᠭᠡᠷ ᠡᠮ ᠤᠨ ᠦᠢᠯᠡᠳᠦᠯ ᠠᠴᠠ ᠪᠣᠯᠵᠣ  ᠭᠦᠮᠦᠨ ᠤ ᠴᠢᠰᠣᠨ ᠰᠣᠳᠠᠯ ᠠᠪᠠᠴᠢᠵᠣ᠂ ᠪᠡᠶ᠎ᠡ ᠶᠢᠨ ᠬᠠᠯᠠᠭᠤᠨ ᠭᠦᠢᠳᠡᠨ ᠢ ᠲᠡᠩᠴᠡᠭᠦᠯᠭᠦ ᠲᠦᠪ ᠮᠡᠳᠡᠷᠡᠯ ᠤᠨ  ᠰᠣᠳᠠᠰᠣ ᠪᠢᠳᠡᠭᠦᠷᠡᠭᠦ ᠣᠴᠢᠷ ᠠᠴᠠ ᠠᠮᠠᠷᠬᠠᠨ ᠨᠠᠷᠠᠰᠢᠳᠠᠭ᠃       ᠢᠷᠡᠯᠲᠡ᠄  ᠲᠦᠪ ᠲᠧᠯᠸᠢᠰ ᠤᠨ ᠮᠣᠩᠭᠤᠯ ᠰᠦᠯᠵᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号