| ᠤᠳᠤ ᠶᠠᠭ ᠰᠠᠶᠢᠬᠠᠨ ᠰᠢᠨ᠎ᠡ ᠰᠣᠷᠭᠤᠭ ᠡᠷᠳᠡᠨᠢ ᠰᠢᠰᠢ ᠶᠡᠬᠡᠪᠡᠷ ᠵᠠᠬ᠎ᠠ ᠳᠡᠯᠭᠡᠭᠦᠷ ᠲᠤ ᠭᠠᠷᠴᠤ᠂ | ᠠᠮᠳᠠᠳᠤ ᠵᠥᠭᠡᠯᠡᠨ ᠡᠷᠳᠡᠨᠢ ᠰᠢᠰᠢ ᠶᠢᠨ ᠠᠩᠬᠢᠯᠤᠮ᠎ᠠ ᠦᠨᠦᠷ ᠬᠠᠨᠭ᠍ᠬᠤᠯᠵᠤ᠂ ᠬᠥᠮᠦᠨ ᠤ ᠢᠳᠡᠰᠢᠨ ᠲᠤᠷᠠᠰᠢᠯ ᠢ | ᠬᠦᠳᠡᠯᠭᠡᠨ᠎ᠡ᠃ ᠡᠷᠳᠡᠨᠢ ᠰᠢᠰᠢ ᠶᠢ ᠠᠮᠠ ᠠᠮᠠ ᠪᠠᠷ ᠢᠳᠡᠬᠦ ᠳᠤ ᠦᠨᠡᠭᠡᠷ ᠰᠠᠨᠠᠭᠠᠨ ᠳᠠᠭᠠᠨ ᠬᠦᠷᠳᠡᠭ ᠪᠢᠯᠡ᠂ | ᠭᠡᠪᠡᠴᠦ ᠵᠠᠷᠢᠮ ᠬᠥᠮᠦᠨ ᠡᠷᠳᠡᠨᠢ ᠰᠢᠰᠢ ᠢᠳᠡᠬᠦ ᠳᠡᠭᠡᠨ ᠠᠳᠡ ᠲᠡᠨᠳᠡ ᠠᠴᠠ ᠨᠢ ᠮᠠᠷᠠᠵᠤ᠂ ᠡᠷᠳᠡᠨᠢ | ᠰᠢᠰᠢ ᠶᠢᠨ ᠡᠰᠢᠨ ᠳᠤᠨᠢ ᠮᠠᠰᠢ ᠣᠯᠠᠨ ᠰᠢᠷᠠᠪᠲᠤᠷ ᠵᠢᠵᠢᠭ ᠨᠠᠬᠢᠶ᠎ᠠ ᠶᠢ ᠦᠯᠡᠳᠡᠭᠡᠳᠡᠭ᠃ ᠡᠳᠡᠭᠡᠷ | ᠰᠦᠢᠳᠭᠡᠭᠳᠡᠭᠰᠡᠨ ᠵᠢᠵᠢᠭ ᠨᠠᠬᠢᠶ᠎ᠠ ᠨᠢ ᠦᠨᠡᠨᠳᠡᠭᠡᠨ ᠡᠷᠳᠡᠨᠢ ᠰᠢᠰᠢ ᠶᠢᠨ ᠬᠠᠮᠤᠭ ᠤᠨ ᠰᠢᠮ᠎ᠡ ᠲᠡᠵᠢᠭᠡᠯ ᠲᠠᠢ | ᠨᠠᠬᠢᠶ᠎ᠠ — ᠬᠦᠪᠦᠷᠡᠯ ᠤᠨ ᠨᠠᠬᠢᠶ᠎ᠠ ᠪᠣᠯᠬᠤ ᠶᠤᠮ᠃ | ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠪᠣᠯ ᠡᠷᠳᠡᠨᠢ ᠰᠢᠰᠢ ᠶᠢᠨ ᠮᠥᠬᠦᠯᠢᠭ ᠤᠨ ᠳᠣᠲᠣᠷᠠᠬᠢ | ᠬᠠᠮᠤᠭ ᠤᠨ ᠰᠢᠮ᠎ᠡ ᠲᠡᠵᠢᠭᠡᠯ ᠲᠠᠢ ᠬᠡᠰᠡᠭ ᠪᠤᠯᠬᠤ ᠪᠦᠭᠡᠳ ᠡᠷᠳᠡᠨᠢ ᠰᠢᠰᠢ ᠶᠢᠨ ᠥᠰᠥᠯᠲᠡ ᠪᠠ | ᠪᠤᠶᠢᠵᠢᠯᠲᠠ ᠶᠢᠨ ᠡᠬᠢᠯᠡᠯᠲᠡ ᠪᠣᠯᠤᠨ᠎ᠠ᠃ ᠬᠡᠳᠦ᠋ᠢᠪᠡᠷ ᠲᠡᠭᠦᠨ ᠤ ᠬᠠᠷᠢᠴᠠᠯ ᠤᠨ ᠬᠡᠮᠵᠢᠶ᠎ᠡ ᠨᠢ ᠵᠥᠪᠬᠡᠨ ᠡᠷᠳᠡᠨᠢ | ᠰᠢᠰᠢ ᠶᠢᠨ ᠮᠥᠬᠦᠯᠢᠭ ᠤᠨ 11 % ~ 14 % ᠶᠢ ᠡᠵᠡᠯᠡᠳᠡᠭ ᠪᠤᠯᠪᠠᠴᠤ ᠲᠡᠭᠦᠨ ᠤ ᠥᠭᠡᠬᠦ ᠨᠢ ᠶᠡᠷᠦᠩᠬᠡᠶ | ᠮᠥᠬᠦᠯᠢᠭ ᠤᠨ ᠲᠤᠳᠤᠷ᠎ᠠ 84 % ᠶᠢ ᠡᠵᠡᠯᠡᠵᠦ᠂ ᠤᠭᠤᠷᠠᠭ ᠨᠢ 22 % ᠢ ᠡᠵᠡᠯᠡᠵᠦ᠂ ᠡᠷᠦᠳᠡᠰᠦᠨ ᠪᠣᠳᠠᠰ ᠨᠢ | 83 % ᠶᠢ ᠡᠵᠡᠯᠡᠵᠦ ᠪᠠᠶᠢᠳᠠᠭ᠃ ᠣᠯᠠᠨ ᠤ ᠮᠡᠳᠡᠳᠡᠭ ᠡᠷᠳᠡᠨᠢ ᠰᠢᠰᠢ ᠶᠢᠨ ᠬᠦᠪᠦᠷᠡᠯ ᠤᠨ ᠨᠠᠬᠢᠶᠠᠨ ᠤ | ᠲᠣᠰᠣ ᠪᠣᠯ ᠳᠠᠷᠤᠶ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠠᠴᠠ ᠪᠣᠯᠪᠠᠰᠤᠷᠠᠭᠤᠯᠤᠨ ᠭᠠᠷᠭᠠᠭᠰᠠᠨ | ᠶᠤᠮ᠃ | ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠳᠤ ᠲᠣᠰᠣᠨ ᠬᠦᠴᠢᠯ ᠪᠠ ᠳᠤᠲᠠᠭᠤ ᠲᠣᠰᠣᠨ | ᠬᠦᠴᠢᠯ ᠡᠯᠪᠡᠭ ᠠᠭᠤᠯᠤᠭᠳᠠᠵᠦ ᠪᠤᠢ᠂ ᠲᠡᠷᠡ ᠨᠢ ᠴᠢᠰᠦᠨ ᠲᠤᠩᠭᠠᠯᠠᠭ ᠤᠨ ᠺᠤᠯᠧᠰᠲᠷᠤᠯ ᠢ ᠪᠠᠭᠤᠷᠠᠭᠤᠯᠬᠤ᠂ | ᠢᠰᠦᠯᠳᠦᠬᠦ ᠶᠢ ᠡᠰᠡᠷᠭᠦᠴᠡᠬᠦ᠂ ᠡᠭᠡᠯᠢᠯᠡᠭᠡ ᠶᠢᠨ ᠴᠢᠳᠠᠪᠤᠷᠢ ᠶᠢ ᠳᠡᠭᠡᠭᠰᠢᠯᠡᠭᠦᠯᠬᠦ ᠳᠤ ᠠᠰᠢᠭᠲᠠᠢ ᠪᠠᠶᠢᠳᠠᠭ᠃ ᠡᠭᠦᠨ ᠤ | ᠬᠠᠮᠲᠤ ᠲᠡᠷᠡ ᠨᠢ ᠪᠠᠰᠠ ᠥᠭᠡᠬᠦᠨ ᠳᠤ ᠠᠭᠤᠰᠬᠤ ᠴᠢᠨᠠᠷᠲᠠᠶ ᠸᠢᠲ᠋ᠠᠮᠢᠨ E᠂ ᠥᠨᠳᠡᠭᠡᠨ ᠹᠣᠰᠹᠣᠷᠲᠤ ᠥᠭᠡᠬᠦ | ᠪᠣᠯᠤᠨ ᠤᠷᠭᠤᠮᠠᠯ ᠤᠨ ᠭᠤᠨᠠᠨ ᠠᠯᠺᠣᠣᠯ ᠤᠨ ᠡᠷᠳᠡᠨᠢᠰ ᠤᠨ ᠰᠠᠩ ᠪᠣᠯᠤᠨ᠎ᠠ᠃ ᠡᠷᠳᠡᠨᠢ ᠰᠢᠰᠢ ᠶᠢᠨ | ᠬᠦᠪᠦᠷᠡᠯ ᠤᠨ ᠨᠠᠬᠢᠶ᠎ᠠ ᠳᠤ ᠠᠮᠢᠨᠤ᠋ ᠬᠦᠴᠢᠯ ᠤᠨ ᠲᠥᠷᠦᠯ ᠵᠦᠢᠯ ᠪᠦᠷᠢᠨ ᠭᠦᠢᠴᠡᠳ ᠪᠠᠶᠢᠵᠤ᠂ ᠠᠭᠤᠯᠤᠭᠳᠠᠴᠠ ᠨᠢ | ᠬᠠᠷᠢᠴᠠᠩᠭᠤᠢ ᠪᠠᠷ ᠲᠡᠩᠴᠡᠭᠦᠷᠢᠲᠡᠢ ᠪᠠᠶᠢᠳᠠᠭ᠃ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠳᠤ ᠪᠠᠰᠠ | ᠠᠵᠢᠯᠯᠠᠭ᠎ᠠ ᠶᠢᠨ ᠴᠢᠨᠠᠷᠳᠠᠢ ᠨᠥᠯᠥᠭᠡᠯᠡᠭᠴᠢ γ — ᠪᠦᠲ᠋ᠢᠯ ᠬᠦᠴᠢᠯ ᠪᠠ ᠭᠯᠥ᠋ᠲ᠋ᠠᠨᠢᠨ ᠠᠭᠤᠯᠤᠭᠳᠠᠵᠤ᠂ | ᠥᠭᠡᠬᠦᠨ ᠪᠣᠳᠠᠰ ᠤᠨ ᠰᠣᠯᠢᠯᠴᠠᠭ᠎ᠠ ᠶᠢ ᠰᠠᠶᠢᠵᠢᠷᠠᠭᠤᠯᠬᠤ᠂ ᠯᠤᠬᠰᠢᠭᠤᠨ ᠰᠤᠳᠠᠯ ᠤᠨ ᠬᠠᠳᠠᠭᠤᠷᠠᠯ ᠢ | ᠪᠠᠭᠤᠷᠠᠭᠤᠯᠬᠤ᠂ ᠡᠯᠢᠭᠡ ᠶᠢ ᠬᠠᠮᠠᠭᠠᠯᠠᠬᠤ ᠵᠡᠷᠭᠡ ᠲᠠᠯ᠎ᠠ ᠪᠠᠷ ᠢᠯᠡᠳᠲᠡ ᠦᠢᠯᠡᠳᠦᠯ ᠲᠠᠢ ᠪᠠᠶᠢᠳᠠᠭ᠃ ᠢᠳᠡᠭᠡᠨ ᠤ | ᠰᠢᠷᠬᠡᠭᠯᠢᠭ ᠡᠳ᠋ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠳᠣᠲᠣᠷ᠎ᠠ 9 % ᠶᠢ ᠡᠵᠡᠯᠡᠵᠦ᠂ | ᠬᠡᠳᠡᠰᠦᠨ ᠤ ᠡᠷᠡᠭᠦᠯ ᠮᠡᠨᠳᠦ ᠶᠢ ᠪᠠᠲᠤᠯᠠᠬᠤ᠂ ᠬᠤᠷᠭᠤᠰᠣᠯᠠᠬᠤ ᠶᠢ ᠨᠠᠮᠳᠠᠭᠤᠯᠬᠤ᠂ ᠴᠢᠰᠤᠨ ᠰᠢᠬᠢᠷ ᠢ | ᠪᠠᠭᠤᠷᠠᠭᠤᠯᠬᠤ ᠵᠡᠷᠭᠡ ᠳᠤ ᠪᠦᠷ ᠲᠤᠰᠠᠳᠠᠢ ᠪᠠᠶᠢᠳᠠᠭ᠃ | ᠡᠶᠢᠮᠦ ᠠᠴᠠ᠂ ᠣᠯᠠᠨ ᠢᠶᠠᠷ ᠢᠶᠠᠨ ᠡᠷᠳᠡᠨᠢ ᠰᠢᠰᠢ ᠢᠳᠡᠬᠦ ᠳᠤ ᠨᠠᠷᠢᠨ ᠵᠠᠵᠢᠯᠵᠤ᠂ ᠡᠷᠳᠡᠨᠢ ᠰᠢᠰᠢ ᠶᠢᠨ | ᠮᠥᠬᠦᠯᠢᠭ ᠢ ᠬᠡᠮᠬᠡᠷᠡᠲᠡᠯ᠎ᠡ ᠵᠠᠵᠢᠯᠵᠤ᠂ ᠬᠦᠪᠦᠷᠡᠯ ᠤᠨ ᠨᠠᠬᠢᠶ᠎ᠠ ᠶᠢ ᠨᠢ ᠪᠦᠷ ᠢᠳᠡᠵᠦ᠂ ᠰᠢᠮ᠎ᠡ ᠲᠡᠵᠢᠭᠡᠯ ᠲᠠᠢ | ᠵᠦᠢᠯ ᠢ ᠨᠢ ᠴᠥᠮ ᠢᠳᠡᠬᠦ ᠬᠡᠷᠡᠭᠳᠡᠢ᠃ | |