ᠴᠣᠯ ᠮᠢᠬ᠎ᠠ ᠪᠠᠷ ᠬᠤᠭᠤᠯᠠᠯᠠᠵᠤ ᠪᠤᠯᠬᠤ ᠤᠤ︖
ᠨᠡᠶᠢᠲᠡᠯᠡᠭᠰᠡᠨ ᠴᠠᠭ᠄
2020/7/23
                    ᠡᠳᠦᠷ ᠪᠦᠷᠢ ᠴᠣᠯ ᠮᠢᠬ᠎ᠠ ᠪᠠᠷ ᠬᠤᠭᠤᠯᠠᠯᠠᠪᠠᠯ ᠶᠠᠭᠠᠭᠢᠳᠠᠭ  ᠪᠤᠯ︖  ᠬᠡᠮᠡᠨ  ᠨᠢᠭᠡᠨ  ᠵᠠᠯᠠᠭᠤ  ᠳᠤᠷᠰᠢᠯᠳᠠ  ᠬᠢᠵᠥ ᠦᠵᠡᠯ᠎ᠡ᠃ ᠲᠡᠷᠡ ᠡᠳᠦᠷ ᠪᠦᠷᠢ ᠵᠦᠪᠬᠡᠨ ᠡᠯ᠎ᠡ ᠲᠦᠷᠥᠯ ᠤᠨ ᠮᠢᠬ᠎ᠠ ᠪᠠᠷ ᠯᠡ ᠬᠤᠭᠤᠯᠠᠯᠠᠵᠤ᠂  ᠨᠢᠭᠡ  ᠰᠠᠷ᠎ᠠ   ᠶᠢᠨ  ᠳᠠᠷᠠᠭ᠎ᠠ ᠪᠡᠶ᠎ᠡ ᠶᠢᠨ ᠬᠦᠨᠳᠦ ᠨᠢ ᠬᠠᠷᠢᠨ 3.5 ᠺᠢᠯᠣᠭ᠍ᠷᠠᠮ ᠪᠠᠭᠤᠷᠠᠭᠰᠠᠨ ᠪᠠᠶᠢᠯ᠎ᠠ᠃                  ᠡᠨᠡ ᠬᠦ ᠳᠤᠷᠰᠢᠯᠳᠠ ᠪᠠᠷ ᠵᠥᠪᠬᠡᠨ ᠬᠠᠷᠠᠰᠤ ᠬᠤᠭᠤᠯᠠ ︵素食︶  ᠢᠳᠡᠪᠡᠯ  ᠳᠤᠷᠠᠳᠠᠭ  ᠭᠡᠬᠦ  ᠦᠵᠡᠯᠳᠡ   ᠶᠢ ᠨᠢᠴᠤᠭᠠᠵᠤ᠂ ᠵᠥᠪᠬᠡᠨ ᠮᠢᠬ᠎ᠠ ᠢᠳᠡᠭᠰᠡᠨ ᠴᠤ  ᠪᠠᠰᠠ  ᠳᠤᠷᠠᠳᠠᠭ  ᠶᠤᠮ  ᠪᠠᠶᠢᠨ᠎ᠠ  ᠭᠡᠰᠡᠨ  ᠰᠢᠨ᠎ᠡ  ᠣᠶᠢᠯᠭᠠᠯᠳᠠ   ᠶᠢ  ᠪᠤᠢ ᠪᠤᠯᠭᠠᠵᠠᠢ᠃                 ᠳᠡᠭᠡᠪᠡᠯ ᠴᠣᠯ ᠮᠢᠬ᠎ᠠ ᠪᠠᠷ ᠬᠤᠭᠤᠯᠠᠯᠠᠬᠤ ᠳᠤ ᠶᠠᠭᠠᠬᠢᠭᠠᠳ ᠳᠤᠷᠠᠳᠠᠭ ᠪᠤᠢ ᠭᠡᠪᠡᠯ᠄                  1. ᠬᠦᠮᠦᠰ ᠶᠡᠷᠥ   ᠨᠢ  ᠮᠢᠬᠠᠨ   ᠳᠤ  ᠮᠠᠰᠢ  ᠶᠡᠭᠡ  ᠬᠡᠮᠵᠢᠶᠡᠨ   ᠤ  ᠺᠠᠯᠤᠷᠢ  ᠠᠭᠤᠯᠤᠭᠳᠠᠳᠠᠭ  ᠭᠡᠵᠥ  ᠪᠣᠷᠣᠭᠤ ᠣᠶᠢᠯᠠᠭᠠᠳᠠᠭ᠂ ᠡᠭᠦᠨ ᠤ ᠡᠰᠡᠷᠭᠦ ᠪᠠᠷ᠂ ᠬᠠᠷ᠎ᠠ ᠮᠢᠬᠠᠨ ᠳᠤ  ᠠᠭᠤᠯᠤᠭᠳᠠᠬᠤ  ᠺᠠᠯᠤᠷᠢ   ᠶᠢᠨ  ᠬᠡᠮᠵᠢᠶ᠎ᠡ   ᠨᠢ  ᠵᠠᠷᠢᠮ  ᠬᠠᠷᠠᠰᠤ ᠬᠤᠭᠤᠯᠠᠨ ᠠᠴᠠ ᠴᠦ ᠳᠣᠣᠷ᠎ᠠ ᠪᠠᠶᠢᠳᠠᠭ᠃ ᠴᠠᠷᠳᠠᠭᠤᠯ ᠶᠡᠭᠡ ᠠᠭᠤᠯᠤᠭᠳᠠᠳᠠᠭ ᠢᠳᠡᠰᠢᠨ ᠨᠤᠭᠤᠭ᠎ᠠ ᠨᠢ ᠬᠦᠮᠥᠨ ᠤ  ᠪᠡᠶ᠎ᠡ   ᠳᠤ ᠦᠭᠡᠬᠦ ᠬᠤᠷᠠᠮᠳᠤᠭᠤᠯᠵᠤ᠂ ᠪᠡᠶ᠎ᠡ ᠶᠢᠨ ᠬᠦᠨᠳᠦ  ᠶᠢ ᠨᠡᠮᠡᠭᠳᠡᠭᠦᠯᠬᠦ ᠡᠷᠡᠰᠳᠡᠯ ᠲᠠᠢ᠂ ᠬᠠᠷᠢᠨ ᠴᠤᠯ ᠮᠢᠬ᠎ᠠ ᠪᠠᠷ  ᠬᠤᠭᠤᠯᠠᠯᠠᠬᠤ   ᠨᠢ ᠡᠨᠡᠬᠦ ᠡᠷᠡᠰᠳᠡᠯ ᠠᠴᠠ ᠵᠠᠶᠢᠯᠠᠰᠬᠢᠵᠤ ᠪᠤᠯᠤᠨ᠎ᠠ︔                  2. ᠮᠢᠬᠠᠨ ᠳᠤ ᠠᠭᠤᠯᠤᠭᠳᠠᠬᠤ ᠤᠭᠤᠷᠠᠭ ᠨᠢ ᠪᠣᠳᠠᠰ ᠤᠨ ᠰᠣᠯᠢᠯᠴᠠᠭ᠎ᠠ ᠶᠢ ᠳᠦᠷᠭᠡᠳᠭᠡᠵᠥ᠂ ᠪᠡᠶ᠎ᠡ ᠶᠢᠨ ᠢᠯᠡᠭᠦᠴᠡ ᠰᠢᠭᠢᠷ᠂ ᠦᠭᠡᠬᠦ ᠵᠡᠷᠭᠡ ᠶᠢ ᠵᠠᠳᠠᠷᠠᠭᠤᠯᠵᠤ ᠭᠠᠳᠠᠭᠰᠢᠭᠤᠯᠬᠤ  ᠴᠢᠳᠠᠪᠬᠢ   ᠲᠠᠢ  ᠪᠠᠶᠢᠳᠠᠭ᠃  ᠲᠡᠷᠡᠴᠢᠯᠡᠨ  ᠮᠢᠬᠠᠨ   ᠳᠤ  ᠶᠡᠭᠡ ᠬᠡᠮᠵᠢᠶᠡᠨ ᠤ ᠸᠢᠲ᠋ᠠᠮᠢᠨ B12 ᠠᠭᠤᠯᠤᠭᠳᠠᠬᠤ ᠠᠴᠠ ᠪᠣᠯᠵᠤ᠂ ᠦᠭᠡᠬᠦ ᠶᠢ ᠵᠠᠳᠠᠷᠠᠭᠤᠯᠬᠤ ᠳᠤ ᠨᠡᠩ  ᠰᠠᠶᠢᠨ  ᠦᠢᠯᠡᠴᠢᠯᠡᠳᠡᠭ ᠶᠤᠮ︔                  3. ᠬᠠᠷᠠᠰᠤ ᠬᠤᠭᠤᠯᠠ ᠢᠳᠡᠪᠡᠯ ᠴᠠᠳᠬᠤ ᠦᠭᠡᠢ ᠪᠦᠭᠡᠳ ᠪᠠᠰᠠ ᠠᠮᠠᠷᠬᠠᠨ ᠰᠢᠩᠭᠡᠳᠡᠭ ᠪᠣᠯᠬᠤᠷ ᠬᠦᠮᠦᠰ ᠶᠡᠷᠥ ᠨᠢ ᠬᠡᠮᠵᠢᠶ᠎ᠡ ᠪᠠᠨ ᠮᠡᠳᠡᠬᠦ ᠦᠭᠡᠢ ᠶᠡᠭᠡ ᠢᠳᠡᠴᠢᠬᠡᠳᠡᠭ᠂ ᠬᠠᠷᠢᠨ ᠮᠢᠬ᠎ᠠ ᠲᠠᠢ ᠬᠤᠭᠤᠯᠠ ᠨᠢ ᠠᠮᠲᠠᠲᠠᠢ ᠪᠦᠭᠡᠳ ᠠᠮᠠᠷᠬᠠᠨ ᠴᠠᠳᠳᠠᠭ ᠪᠣᠯᠬᠤᠷ ᠳᠡᠮᠡᠢ ᠶᠡᠭᠡ ᠢᠳᠡᠬᠦ ᠦᠭᠡᠢ ᠳᠤ ᠪᠣᠯᠴᠢᠬᠠᠳᠠᠭ᠃                  ᠭᠡᠬᠦ ᠳᠡᠭᠡᠨ ᠬᠡᠷᠪᠡ ᠵᠦᠪᠬᠡᠨ ᠮᠢᠬ᠎ᠠ ᠪᠠᠷ ᠯᠡ ᠬᠤᠭᠤᠯᠠᠯᠠᠭᠠᠳ ᠪᠠᠶᠢᠪᠠᠯ ᠪᠠᠰᠠ ᠡᠶᠢᠮᠦ ᠲᠡᠶᠢᠮᠦ ᠠᠰᠠᠭᠤᠳᠠᠯ  ᠢᠯᠡᠷᠡᠵᠦ ᠮᠡᠳᠡᠨ᠎ᠡ᠂ ᠲᠤᠬᠠᠶᠢᠯᠠᠪᠠᠯ᠂ ᠶᠠᠭᠤᠨ ᠤ ᠡᠮᠦᠨ᠎ᠡ ᠮᠢᠬ᠎ᠠ  ᠠᠷᠪᠢᠨ  ᠢᠳᠡᠬᠦ   ᠨᠢ  ᠠᠮᠠ   ᠶᠢ  ᠦᠮᠡᠬᠡᠶᠢᠷᠡᠭᠦᠯᠳᠡᠭ᠂  ᠳᠠᠷᠠᠭᠠᠯᠠᠪᠠᠯ ᠤᠷᠭᠤᠮᠠᠯ ᠪᠣᠳᠠᠰ ᠤᠨ ᠰᠢᠮ᠎ᠡ ᠳᠡᠵᠢᠭᠡᠯ ᠳᠤᠳᠠᠭᠳᠠᠭᠰᠠᠨ ᠠᠴᠠ ᠬᠤᠷᠭᠤᠰᠤᠯᠠᠵᠤ᠂ ᠨᠡᠩ ᠴᠢᠨᠠᠭᠰᠢᠯᠠᠪᠠᠯ ᠤᠷᠳᠤ ᠬᠤᠭᠤᠴᠠᠭᠠᠨ ᠤ ᠳᠤᠷᠰᠢ ᠵᠦᠪᠬᠡᠨ ᠮᠢᠬ᠎ᠠ ᠪᠠᠷ ᠬᠤᠭᠤᠯᠠᠯᠠᠪᠠᠯ ᠪᠡᠶ᠎ᠡ  ᠶᠢᠨ ᠳᠣᠳᠣᠭᠠᠳᠣ ᠴᠢᠳᠠᠪᠬᠢ ᠶᠢᠨ ᠲᠡᠩᠴᠡᠭᠦᠷᠢ ᠶᠢ ᠠᠯᠳᠠᠭᠤᠯᠵᠤ᠂ ᠦᠭᠡᠬᠦᠨ ᠤ ᠬᠡᠮᠵᠢᠶ᠎ᠡ ᠶᠢ ᠪᠠᠭᠠᠰᠬᠠᠬᠤ ᠶᠢᠨ ᠬᠠᠮᠳᠤ ᠪᠠᠰᠠ ᠪᠤᠯᠴᠢᠩ ᠰᠢᠷᠪᠤᠰᠤ ᠶᠢᠨ ᠥᠰᠦᠯᠲᠡ ᠶᠢ  ᠨᠦᠯᠦᠭᠡᠯᠡᠳᠡᠭ᠃  ᠡᠶᠢᠮᠥ  ᠪᠣᠯᠬᠤᠷ ︽ᠮᠢᠬ᠎ᠠ ᠢᠳᠡᠵᠥ ᠳᠤᠷᠠᠬᠤ ᠠᠷᠭ᠎ᠠ︾ ᠶᠢ ᠰᠢᠨᠵᠢᠯᠡᠬᠦ ᠤᠬᠠᠭᠠᠨᠴᠢ ᠪᠠᠷ ᠦᠢᠯᠡᠳᠦᠯᠭᠡᠵᠢᠭᠦᠯᠬᠦ ᠶᠢ  ᠠᠩᠬᠠᠷᠤᠭᠤᠯᠵᠤ᠂  ᠬᠤᠭᠤᠯᠠ ᠤᠮᠳᠠ  ᠪᠠᠨ ᠳᠡᠩᠴᠡᠭᠦᠷᠢ ᠲᠠᠢ ᠪᠠᠶᠢᠯᠭᠠᠬᠤ ᠨᠢ ᠬᠠᠮᠤᠭ ᠤᠨ ᠰᠠᠶᠢᠨ ᠳᠤᠷᠠᠬᠤ ᠠᠷᠭ᠎ᠠ ᠭᠡᠳᠡᠭ ᠢ ᠠᠳᠡ ᠰᠠᠨᠠᠭᠤᠯᠤᠶ᠎ᠠ︕
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号