ᠠᠮᠠ ᠨᠡᠭᠡᠭᠡᠬᠦ
ᠨᠡᠶᠢᠲᠡᠯᠡᠭᠰᠡᠨ ᠴᠠᠭ᠄
2020/9/14
ᠠᠮᠠ ᠨᠡᠭᠡᠭᠡᠬᠦ ᠶᠢ ᠵᠠᠷᠢᠮ ᠳᠠᠭᠠᠨ《 ᠬᠡᠤᠬᠡᠨ ᠠᠰᠠᠭᠤᠬᠤᠢ 》 ᠭᠡᠵᠦ ᠬᠡᠯᠡᠳᠡᠭ᠃ ᠡᠨᠡ ᠨᠢ ᠡᠷ᠎ᠡ ᠶᠢᠨ ᠵᠡᠷᠬᠡ ᠳᠤᠷ ᠬᠦᠷᠦᠭᠰᠡᠨ ᠬᠦᠪᠡᠭᠦᠨ ᠲᠠᠢ ᠠᠶᠢᠯ ᠬᠡᠤᠬᠡᠨ ᠲᠠᠢ ᠠᠶᠢᠯ ᠳᠤᠷ ᠬᠠᠷᠠᠯᠲᠠ ᠪᠠᠨ ᠲᠤᠬᠳᠠᠭᠠᠵᠦ᠂ ᠬᠡᠤᠬᠡᠨ ᠤ ᠲᠠᠯ᠎ᠠ ᠶᠢᠨ ᠠᠮᠠᠨ ᠵᠠᠪᠠᠵᠢ ᠶᠢ ᠰᠤᠨᠤᠰᠴᠦ᠂ ᠪᠤᠯᠤᠮᠠᠷ ᠪᠣᠯᠣᠬᠰᠠᠨ ᠦᠶ᠎ᠡ ᠳᠤ ᠠᠬᠠᠮᠠᠳ ᠨᠠᠰᠣᠨ ᠤ ᠲᠦᠪᠰᠢᠨ ᠲᠤᠮᠤᠭᠠᠯᠢᠭ ᠨᠢᠭᠡ ᠡᠷᠩᠲᠡᠢ ᠨᠢᠭᠡ ᠡᠮᠩᠲᠡᠢ ᠬᠤᠶᠠᠷ ᠲᠡᠭᠦᠰ ᠬᠦᠮᠦᠨ ᠢ ᠵᠠᠭᠤᠴᠢ ᠪᠠᠷ ᠡᠳᠤᠷ ᠤᠨ ᠰᠠᠶᠢᠨ ᠢ ᠰᠣᠩᠭᠤᠵᠦ᠂ ᠬᠡᠤᠬᠡᠨ ᠤ ᠭᠡᠷ ᠲᠤ ᠪᠡᠯᠡᠭ ᠰᠡᠯᠲᠡ ᠲᠠᠢ ᠤᠴᠢᠭᠤᠯᠤᠨ᠎ᠠ᠃ ᠤᠴᠢᠬᠰᠠᠨ ᠵᠠᠭᠤᠴᠢ ᠬᠡᠤᠬᠡᠨ ᠤ ᠭᠡᠷ ᠤᠨ ᠠᠬᠠᠮᠠᠳ ᠪᠤᠶᠤ ᠡᠴᠢᠭᠡ ᠡᠬᠡ ᠲᠠᠢ ᠨᠢ ᠠᠮᠤᠷ ᠰᠠᠶᠢᠨ ᠢ ᠯᠡᠪᠯᠡᠬᠰᠡᠨ ᠪᠡᠯᠭᠡ ᠳᠡᠮᠪᠡᠷᠢᠯ ᠲᠠᠢ ᠰᠠᠶᠢᠨ ᠰᠠᠶᠢᠬᠠᠨ ᠦᠭᠡ ᠶᠠᠷᠢᠵᠦ᠂ ᠪᠡᠯᠡᠭ ᠢᠶᠠᠨ ᠭᠠᠷᠭᠠᠵᠦ ᠲᠠᠯᠪᠢᠨ᠎ᠠ᠃ ᠠᠪᠠᠴᠢᠬᠤ ᠪᠡᠯᠡᠭ ᠭᠡᠪᠡᠯ᠂ ᠨᠢᠭᠡ ᠰᠠᠶᠢᠨ ᠬᠠᠳᠠᠭ᠂ ᠬᠤᠶᠠᠷ ᠯᠣᠩᠬᠤ ᠠᠷᠢᠬᠢ᠂ ᠯᠤᠩᠬᠤᠨ ᠤ ᠬᠦᠵᠦᠭᠦᠨ ᠳᠤᠷ ᠤᠯᠠᠭᠠᠨ ᠰᠢᠵᠢᠮ ᠤᠶᠠᠨ᠎ᠠ᠃ ᠪᠠᠰᠠ ᠬᠤᠶᠠᠷ ᠪᠠᠭᠯᠠᠭ᠎ᠠ ᠪᠤᠭᠤᠷᠰᠤᠭ᠂ ᠬᠤᠶᠠᠷ ᠬᠡᠰᠡᠭ ᠮᠦᠰᠦᠨ ᠰᠢᠬᠢᠷ ᠪᠤᠶᠤ ᠬᠤᠶᠠᠷ ᠤᠯᠠᠭᠠᠨ ᠴᠢᠪᠠᠭ᠎ᠠ ᠠᠪᠠᠴᠢᠨ᠎ᠠ᠃ ᠠᠷᠢᠬᠢ᠂ ᠪᠤᠭᠤᠷᠰᠤᠭ ᠢᠶᠠᠨ ᠵᠡᠷᠭᠡᠴᠡᠭᠦᠯᠦᠨ ᠳᠠᠯᠪᠢᠵᠦ ᠬᠠᠳᠠᠭ ᠢᠶᠠᠨ ᠨᠠᠭᠠᠳᠦ ᠵᠠᠬ᠎ᠠ ᠳᠤᠨᠢ ᠳᠡᠯᠭᠡᠨ ᠲᠠᠯᠪᠢᠨ᠎ᠠ᠂ ᠪᠤᠭᠤᠷᠰᠤᠭ ᠤᠨ ᠳᠡᠭᠡᠷ᠎ᠡ ᠮᠦᠰᠦᠨ ᠰᠢᠬᠢᠷ ᠪᠤᠶᠤ ᠴᠢᠪᠠᠭ᠎ᠠ ᠪᠠᠨ ᠲᠠᠯᠪᠢᠨ᠎ᠡ᠃ ᠡᠭᠦᠨ ᠢ《 ᠵᠢᠩᠰᠡ ᠵᠡᠭᠦᠯᠭᠡᠵᠦ ᠪᠠᠶᠢᠬᠤ》ᠭᠡᠳᠡᠭ᠃ ᠡᠨᠡ ᠪᠣᠯ ᠲᠥᠭᠦᠮ ᠪᠡᠯᠡᠭ ᠪᠣᠯᠬᠤ ᠶᠤᠮ᠃ ᠡᠭᠦᠨ ᠠᠴᠠ ᠲᠡᠭᠡᠬᠦᠷ ᠪᠡᠯᠡᠭ ᠭᠡᠪᠡᠯ ᠴᠠᠢ ᠶᠢᠨ ᠰᠢᠭᠦᠰᠦ᠂ ᠬᠤᠨᠢᠨ ᠰᠢᠬᠦᠰᠦ ᠭᠡᠵᠦ ᠪᠠᠶᠢᠨ᠎ᠠ᠃ ᠵᠠᠭᠤᠴᠢ ᠪᠡᠯᠡᠭ ᠢᠶᠠᠨ ᠲᠡᠯᠪᠢᠵᠦ ᠪᠠᠷᠠᠪᠠᠯ ᠬᠦᠪᠡᠭᠦᠨ ᠤ ᠲᠠᠯ᠎ᠠ ᠶᠢᠨ ᠠᠯᠢᠪᠡ ᠪᠠᠶᠢᠳᠠᠯ ᠢ ᠰᠠᠶᠢᠳᠤᠷ ᠲᠠᠨᠢᠯᠴᠠᠭᠤᠯᠵᠤ ᠥᠭᠬᠦᠨ᠎ᠡ᠃ ᠶᠠᠷᠢᠯᠴᠠᠬᠤ ᠦᠶ᠎ᠡ ᠳᠤ ᠬᠦᠪᠡᠭᠦᠨ ᠬᠡᠤᠭᠡᠨ ᠤ ᠲᠦᠷᠦᠭᠰᠡᠨ ᠵᠢᠯ ᠰᠠᠷ᠎ᠠ ᠶᠢ ᠲᠤᠳᠤᠯᠠᠵᠦ ᠢᠪᠡᠭᠡᠯ ᠬᠠᠷᠰᠢ ᠶᠢ ᠪᠤᠳᠤᠯᠬᠢᠯᠠᠨ᠎ᠠ᠃ ᠬᠡᠤᠬᠡᠨ ᠤ ᠭᠡᠷ ᠤᠨ ᠠᠬᠠᠮᠠᠳ ᠤᠨ ᠵᠠᠭᠤᠴᠢ ᠳᠤ ᠬᠢᠷᠢ ᠵᠡᠷᠭᠡ ᠨᠠᠶᠢᠷᠰᠠᠭ ᠪᠠᠶᠢᠬᠤ ᠡᠰᠡᠬᠦ ᠪᠠᠷ ᠡᠨᠡ ᠠᠮᠠ ᠨᠡᠭᠡᠭᠡᠬᠦ ᠦᠢᠯᠡ ᠶᠢᠨ ᠪᠦᠳᠦᠬᠦ ᠡᠰᠡᠬᠦ ᠶᠢ ᠮᠠᠭᠠᠳᠯᠠᠵᠤ ᠪᠤᠯᠤᠨ᠎ᠠ᠃ ᠵᠠᠭᠤᠴᠢ ᠪᠤᠴᠠᠬᠤ ᠦᠶ᠎ᠡ ᠬᠡᠤᠬᠡᠨ ᠤ ᠡᠴᠢᠭᠡ ᠡᠬᠡ ᠪᠡᠯᠡᠭ ᠢ ᠦᠭᠴᠦ ᠶᠠᠪᠤᠭᠤᠯᠬᠤ ᠦᠭᠡᠢ ᠦᠯᠡᠳᠡᠭᠡᠨ ᠠᠪᠤᠪᠠᠯ ᠬᠡᠤᠬᠡᠨ ᠢᠶᠠᠨ ᠥᠭᠬᠦ ᠶᠢᠨ ᠲᠡᠮᠳᠡᠭ ᠪᠣᠯᠣᠨ᠎ᠠ᠃ ᠬᠡᠷᠪᠡ ᠪᠡᠯᠡᠭ ᠢ ᠦᠯᠡᠳᠡᠭᠡᠨ ᠠᠪᠬᠤ ᠦᠭᠡᠢ ᠪᠤᠯᠪᠠᠴᠦ ᠬᠠᠷᠢᠭᠤ ᠬᠡᠯᠡᠬᠦ ᠦᠭᠡ ᠶᠢ ᠨᠢ ᠦᠨᠳᠦᠰᠦᠯᠡᠵᠦ ᠪᠠᠶᠢᠭᠠᠳ ᠲᠠᠬᠢᠵᠤ ᠤᠴᠢᠬᠤ ᠡᠰᠡᠬᠦ ᠪᠠᠨ ᠲᠤᠬᠳᠠᠭᠠᠨ᠎ᠠ᠃ ᠪᠡᠯᠡᠭ ᠢ ᠬᠤᠷᠢᠶᠠᠨ ᠠᠪᠴᠦ ᠵᠦᠪᠰᠢᠶᠡᠷᠡᠭᠰᠡᠨ ᠦᠶ᠎ᠡ ᠳᠤ ᠬᠡᠳᠤᠨ ᠡᠳᠤᠷ ᠤᠨ ᠳᠠᠷᠠᠭ᠎ᠠ ᠲᠡᠬᠢᠨ ᠰᠠᠶᠢᠨ ᠡᠳᠤᠷ ᠢ ᠰᠣᠩᠭᠤᠵᠦ ᠪᠠᠰᠠ ᠪᠡᠯᠡᠭ ᠲᠠᠢ ᠤᠴᠢᠵᠦ᠂ ᠬᠡᠤᠬᠡᠨ ᠤ ᠬᠤᠪᠴᠠᠰᠤ ᠬᠤᠨᠠᠷ᠂ ᠬᠦᠨᠵᠢᠯᠡ ᠲᠡᠪᠢᠰᠭᠡᠷ᠂ ᠭᠡᠷ ᠲᠡᠷᠭᠡ ᠪᠡᠯᠡᠳᠭᠡᠬᠦ ᠲᠤᠬᠠᠢ ᠠᠪᠬᠤ ᠥᠭᠬᠦ ᠪᠠᠨ ᠬᠡᠯᠡᠯᠴᠡᠨ ᠲᠤᠬᠳᠠᠵᠦ᠂ ᠬᠠᠳᠠᠭ ᠡᠷᠬᠦᠬᠦ ᠪᠠᠷ ᠪᠡᠯᠡᠳᠭᠡᠨ᠎ᠡ᠃
 
ᠢᠷᠡᠯᠲᠡ᠄ ᠨᠢᠩᠴᠧᠩ ᠰᠢᠶᠠᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号