| ᠰᠦᠢ ᠪᠡᠯᠡᠭ ᠤᠨ ᠠᠪᠬᠤ ᠥᠭᠬᠦ ᠪᠠᠨ ᠬᠡᠯᠡᠯᠴᠡᠨ ᠲᠤᠬᠢᠷᠠᠬᠰᠠᠨ ᠤ ᠬᠤᠶᠢᠨ᠎ᠠ ᠬᠠᠳᠠᠭ ᠡᠷᠭᠦᠬᠦ ᠪᠤᠯᠤᠨ᠎ᠠ᠃ ᠬᠠᠳᠠᠭ | ᠡᠷᠭᠦᠬᠦ ᠶᠢ ᠵᠠᠷᠢᠮ ᠳᠠᠭᠠᠨ《 ᠤᠷᠤᠭ ᠬᠤᠯᠪᠤᠬᠤ》 ᠭᠡᠵᠦ ᠬᠡᠯᠡᠳᠡᠭ᠃ ᠬᠠᠳᠠᠭ ᠡᠷᠭᠦᠬᠦ ᠳᠤ ᠥᠯᠵᠡᠢ ᠪᠡᠯᠭᠡ ᠲᠠᠢ | ᠰᠠᠶᠢᠨ ᠡᠳᠤᠷ ᠢ ᠰᠣᠩᠭᠤᠨ ᠵᠠᠭᠤᠴᠢ ᠬᠦᠪᠡᠭᠦᠨ ᠤ ᠣᠶᠢᠷ᠎ᠠ ᠲᠦᠷᠦᠯ ᠤᠨ ᠨᠢᠭᠡᠨ ᠬᠦᠮᠦᠨ ᠲᠠᠢ ᠬᠤᠷᠢᠮ ᠤᠨ | ᠶᠠᠭᠤᠮ᠎ᠠ ᠬᠡᠤᠮ᠎ᠠ ᠪᠠᠨ ᠬᠦᠷᠭᠡᠨ᠎ᠡ᠃ ᠪᠠᠰᠠ ᠬᠤᠶᠠᠷ ᠯᠤᠩᠬᠤ ᠠᠷᠢᠬᠢ ᠬᠤᠶᠠᠷ ᠪᠠᠭᠯᠠᠭ᠎ᠠ ᠪᠤᠭᠤᠷᠰᠤᠭ ᠤᠨ | ᠪᠡᠯᠡᠭ ᠢᠶᠠᠨ ᠠᠪᠠᠴᠢᠬᠤ ᠬᠡᠷᠩᠲᠡᠢ᠃ ᠯᠤᠩᠬᠤᠨ ᠤ ᠬᠦᠵᠦᠭᠦᠨ ᠳᠤᠨᠢ ᠤᠯᠠᠭᠠᠨ ᠰᠢᠵᠢᠮ ᠤᠶᠠᠨ᠎ᠠ᠃ ᠪᠠᠰᠠ ᠰᠠᠶᠢᠨ | ᠬᠠᠳᠠᠭ ᠨᠢᠭᠡ ᠶᠢ ᠠᠪᠠᠴᠢᠨ᠎ᠠ᠃ ᠬᠡᠤᠬᠡᠨ ᠤ ᠭᠡᠷ ᠲᠤ ᠬᠦᠷᠦᠭᠡᠳ ᠮᠡᠨᠳᠤᠴᠢᠯᠡᠭᠰᠡᠨ ᠤ ᠬᠤᠶᠢᠨ᠎ᠠ ᠪᠡᠯᠡᠭ ᠢᠶᠠᠨ | ᠭᠠᠷᠭᠠᠨ ᠳᠠᠯᠪᠢᠵᠦ᠂ ᠬᠤᠷᠢᠮ ᠤᠨ ᠶᠠᠭᠤᠮ᠎ᠠ ᠬᠡᠤᠮ᠎ᠠ ᠪᠠᠨ ᠭᠡᠷ ᠤᠨ ᠡᠵᠡᠨ ᠳᠤᠨᠢ ᠰᠠᠶᠢᠬᠠᠨ ᠲᠤᠰᠢᠶᠠᠵᠤ ᠦᠭᠬᠦᠨ᠎ᠡ᠃ | ᠡᠭᠦᠨ ᠳᠤ ᠬᠡᠤᠭᠡᠨ ᠤ ᠲᠠᠯ᠎ᠠ ᠶᠢᠨ ᠬᠢ ᠰᠠᠨᠠᠯ ᠦᠭᠡᠢ ᠵᠦᠪᠰᠢᠶᠡᠷᠡᠭᠰᠡᠨ ᠪᠠᠶᠢᠪᠠᠯ ᠬᠦᠪᠡᠭᠦᠨ ᠬᠡᠤᠭᠡᠨ ᠤ ᠬᠤᠶᠠᠷ | ᠲᠠᠯ᠎ᠠ ᠪᠠᠷ ᠢᠶᠠᠨ ᠦᠪᠡᠷ ᠤᠨ ᠤᠶᠢᠷ᠎ᠠ ᠲᠦᠷᠦᠯ ᠢᠶᠠᠨ ᠤᠷᠢᠵᠦ ᠪᠠᠶᠠᠷ ᠤᠨ ᠠᠷᠢᠬᠢ ᠣᠣᠭᠤᠯᠭᠠᠵᠦ ᠬᠠᠳᠠᠭ | ᠡᠷᠭᠦᠭᠰᠡᠨ ᠢᠶᠠᠨ ᠪᠠᠲᠤᠯᠠᠨ᠎ᠠ᠃ ᠡᠭᠦᠨ ᠤ ᠳᠠᠷᠠᠭ᠎ᠠ ᠡᠳᠤᠷ ᠬᠦᠷᠭᠡᠬᠦ᠂ ᠬᠤᠷᠢᠮ ᠬᠢᠬᠦ᠂ ᠠᠮᠢᠳᠦ ᠭᠠᠭ᠋ᠠᠢ ᠪᠤᠶᠤ | ᠭᠠᠭ᠋ᠠᠢ ᠶᠢᠨ ᠮᠢᠬ᠎ᠠ᠂ ᠠᠷᠢᠬᠢ ᠬᠦᠷᠭᠡᠬᠦ ᠵᠡᠷᠭᠡ ᠶᠢᠨ ᠶᠠᠪᠤᠳᠠᠯ ᠢ ᠭᠦᠢᠴᠳᠭᠡᠨ᠎ᠡ᠃ ᠬᠠᠳᠠᠭ ᠡᠷᠭᠦᠭᠰᠡᠨ ᠤ ᠬᠤᠶᠢᠨ᠎ᠠ | ᠬᠡᠤᠬᠡᠨ ᠲᠣᠷ᠎ᠠ ᠪᠠᠷ ᠢᠶᠠᠨ ᠰᠦᠮ᠎ᠡ ᠶᠢᠨ ᠬᠤᠷᠠᠯ᠂ ᠮᠠᠶᠢᠮᠠᠢ ᠴᠤᠭᠯᠠᠭᠠᠨ ᠳᠤ ᠤᠴᠢᠵᠦ ᠪᠣᠯᠬᠤ ᠦᠭᠡᠢ᠃ ᠬᠡᠷᠪᠡ | ᠤᠴᠢᠬᠤ ᠴᠢᠬᠤᠯᠠ ᠲᠠᠢ ᠪᠣᠯᠪᠠᠯ ᠬᠢᠪᠯᠡᠭᠦᠷ ︵ᠨᠢᠭᠤᠷ ᠴᠢᠷᠠᠢ ᠶᠢ ᠬᠠᠯᠬᠠᠯᠠᠬᠤ ᠲᠤᠤᠷᠯᠢᠭ ᠡᠳ᠋︶ ᠤᠷᠢᠶᠠᠵᠦ | ᠪᠤᠰᠤᠳ ᠤᠨ ᠦᠵᠡᠵᠦ ᠲᠤᠷᠠᠰᠬᠤ ᠠᠴᠠ ᠪᠤᠯᠭᠤᠮᠵᠢᠯᠠᠨ᠎ᠠ᠃ |