ᠡᠳᠤᠷ ᠬᠦᠷᠭᠡᠬᠦ
ᠨᠡᠶᠢᠲᠡᠯᠡᠭᠰᠡᠨ ᠴᠠᠭ᠄
2020/9/14
ᠬᠠᠳᠠᠭ ᠡᠷᠭᠦᠭᠰᠡᠨ ᠤ ᠬᠤᠶᠢᠨ᠎ᠠ ᠬᠤᠶᠠᠷ ᠡᠳᠡᠭᠡᠳ ᠢᠶᠠᠷ ᠢᠶᠠᠨ ᠬᠤᠷᠢᠮ ᠬᠢᠬᠦ ᠪᠠᠨ ᠬᠡᠯᠡᠯᠴᠡᠨ ᠲᠤᠬᠳᠠᠵᠦ᠂ ᠯᠠᠮᠠ ᠪᠠᠭᠰᠢ ᠪᠤᠶᠤ ᠵᠢᠷᠤᠬᠠᠶᠢᠴᠢ ᠰᠢᠶᠠᠨᠱᠧᠩ ᠵᠠᠯᠠᠵᠦ ᠬᠤᠷᠢᠮ ᠤᠨ ᠡᠳᠤᠷ ᠢ ᠦᠵᠡᠭᠦᠯᠦᠨ᠎ᠡ᠃ ᠡᠨᠡ ᠨᠢ ᠵᠢᠷᠤᠬᠠᠶᠢᠴᠢ ᠰᠢᠶᠠᠨᠱᠧᠩ ᠠᠴᠠ ᠬᠦᠪᠡᠭᠦᠨ ᠬᠡᠤᠬᠡᠨ ᠤ ᠨᠠᠰᠦ ᠵᠢᠯ ᠢ ᠦᠨᠳᠦᠰᠦᠯᠡᠵᠦ ᠪᠠᠶᠢᠭᠠᠳ ᠤᠯᠠᠭᠠᠨ ᠴᠠᠭᠠᠰᠣᠨ ᠳᠡᠭᠡᠷ᠎ᠡ ᠲᠠᠯ᠎ᠠ ᠰᠠᠷ᠎ᠠ ︵ᠲᠠᠯᠠᠲᠦ ᠰᠠᠷ᠎ᠠ︶ ᠳᠡᠭᠡᠷ᠎ᠡ ᠬᠤᠷᠢᠮ ᠬᠢᠬᠦ ᠰᠠᠶᠢᠨ ᠡᠳᠤᠷ᠂ ᠲᠡᠷᠭᠡ ᠮᠤᠷᠳᠠᠬᠤ ᠰᠠᠶᠢᠨ ᠴᠠᠭ᠂ ᠬᠡᠤᠬᠡᠨ ᠤ ᠲᠡᠷᠭᠡᠨ ᠳᠤ ᠰᠠᠭᠤᠬᠤ ᠰᠠᠶᠢᠨ ᠵᠦᠭ᠂ ᠬᠦᠮᠦᠰ ᠤᠨ ᠢᠪᠡᠭᠡᠯ ᠬᠠᠷᠰᠢ ᠪᠤᠯᠤᠨ ᠪᠤᠰᠤᠳ ᠬᠢᠴᠢᠶᠡᠬᠦ ᠵᠤᠶᠢᠯ ᠢ ᠴᠦᠮ ᠲᠤᠳᠤᠷᠬᠠᠢ ᠪᠢᠴᠢᠵᠦ ᠥᠭᠭᠦᠨ᠎ᠡ᠃ ᠡᠨᠡ ᠪᠢᠴᠢᠭ ᠢ《 ᠲᠠᠮᠠᠭ᠎ᠠ》 ᠬᠡᠵᠦ ᠬᠡᠯᠡᠳᠡᠭ᠃ ᠡᠨᠡ ᠲᠠᠮᠠᠭᠠᠨ ᠪᠢᠴᠢᠭ ᠢ ᠬᠤᠶᠠᠷ ᠬᠤᠪᠢ ᠪᠢᠴᠢᠵᠦ᠂ ᠨᠢᠭᠡ ᠶᠢ ᠨᠢ ᠡᠳᠤᠷ ᠬᠦᠷᠭᠡᠬᠦ ᠳᠤ ᠭᠡᠷᠩᠯᠡᠵᠦ᠂ ᠨᠦᠭᠦᠭᠡ ᠶᠢ ᠨᠢ ᠬᠤᠷᠢᠮ ᠬᠢᠬᠦ ᠪᠡᠷᠢ ᠪᠠᠭᠤᠯᠭᠠᠬᠤ ᠠᠵᠢᠯ ᠳᠡᠭᠡᠷ᠎ᠡ ᠬᠡᠷᠩᠯᠡᠨ᠎ᠡ᠃ ᠡᠳᠤᠷ ᠬᠦᠷᠭᠡᠬᠦ ᠳᠤ ᠪᠠᠰᠠ ᠪᠡᠯᠡᠭ ᠲᠠᠢ ᠤᠴᠢᠨ᠎ᠠ᠃ ᠬᠡᠤᠭᠡᠨ ᠤ ᠲᠠᠯ᠎ᠠ ᠶᠢᠨ ᠬᠢᠨ ᠲᠠᠮᠠᠭᠠᠨ ᠪᠢᠴᠢᠭ ᠢ ᠦᠵᠡᠭᠡᠳ ᠰᠠᠨᠠᠯ ᠦᠭᠡᠢ ᠪᠣᠯ ᠬᠡᠤᠭᠡᠨ ᠢᠶᠠᠨ ᠪᠠᠭᠤᠯᠭᠠᠵᠤ ᠥᠭᠬᠦ ᠪᠠᠷ ᠪᠡᠯᠡᠳᠭᠡᠨ᠎ᠡ᠃ ᠬᠤᠪᠴᠰᠦ ᠬᠤᠨᠠᠷ᠂ ᠬᠦᠨᠵᠢᠯᠡ ᠲᠡᠪᠢᠰᠭᠡᠷ ᠢᠶᠠᠨ ᠤᠶᠤᠬᠤ᠂ ᠭᠡᠷ ᠢᠶᠠᠨ ᠵᠠᠰᠠᠬᠤ᠂ ᠬᠡᠶᠢᠴᠢᠨ ᠵᠠᠯᠠᠬᠤ ᠵᠡᠷᠭᠡ ᠠᠵᠢᠯ ᠭᠦᠢᠴᠳᠭᠡᠨ᠎ᠡ᠃ ᠬᠦᠪᠡᠭᠦᠨ ᠤ ᠲᠠᠯ᠎ᠠ ᠠᠴᠠ ᠠᠮᠢᠳᠦ ᠭᠠᠭ᠋ᠠᠢ ᠪᠤᠶᠤ ᠭᠠᠭ᠋ᠠᠢ ᠶᠢᠨ ᠮᠢᠬ᠎ᠠ᠂ ᠠᠷᠢᠬᠢ ᠵᠡᠷᠭᠡ ᠶᠢ ᠪᠠᠨ ᠬᠡᠤᠬᠡᠨ ᠤ ᠲᠠᠯ᠎ᠠ ᠳᠤ ᠬᠤᠷᠢᠮ ᠤᠨ ᠡᠳᠤᠷ ᠠᠴᠠ ᠡᠮᠤᠨ᠎ᠠ ᠬᠦᠷᠭᠡᠵᠦ ᠥᠭᠬᠦ ᠬᠡᠷᠩᠲᠠᠢ᠃
 
ᠢᠷᠡᠯᠲᠡ᠄ ᠨᠢᠩᠴᠧᠩ ᠰᠢᠶᠠᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号