| ᠦᠯᠵᠡᠢ ᠪᠡᠯᠭᠡ ᠲᠠᠢ ᠲᠠᠯ᠎ᠠ ᠰᠠᠷ᠎ᠠ ᠶᠢᠨ ᠬᠤᠷᠢᠮ ᠤᠨ ᠰᠠᠶᠢᠨ ᠡᠳᠤᠷ ᠬᠦᠷᠭᠡᠨ ᠤ ᠲᠠᠯ᠎ᠠ ᠠᠴᠠ ᠰᠡᠤᠬᠡ ᠲᠡᠷᠭᠡ ᠪᠠᠷ | ᠪᠡᠷᠢ ᠪᠠᠭᠤᠯᠭᠠᠬᠤ ᠪᠠᠷ ᠤᠴᠢᠨ᠎ᠠ᠃ ᠡᠨᠡ ᠡᠳᠤᠷ ᠢ ᠬᠡᠤᠬᠡᠨ ᠤ ᠲᠠᠯ᠎ᠠ ᠳᠤ《 ᠬᠤᠷᠢᠮ ᠤᠨ ᠡᠳᠤᠷ》 ᠬᠡᠵᠦ᠂ | ᠬᠦᠷᠭᠡᠨ ᠤ ᠲᠠᠯ᠎ᠠ ᠳᠤ《 ᠬᠠᠦ ᠳᠠᠭᠤᠳᠠᠬᠤ》 ᠭᠡᠨ᠎ᠡ᠃ ᠬᠠᠦ ᠳᠠᠭᠤᠳᠠᠬᠤ ᠡᠳᠤᠷ ᠲᠤ ᠢᠷᠡᠭᠡ ᠦᠭᠡᠢ ᠴᠢᠬᠤᠯᠠ | ᠬᠦᠨᠳᠦᠳᠦ ᠵᠤᠴᠢᠨ ᠢᠶᠠᠨ ᠵᠠᠯᠠᠵᠤ ᠵᠤᠴᠢᠯᠠᠨ᠎ᠠ᠃ ᠬᠠᠦ ᠳᠠᠭᠤᠳᠠᠬᠤ ᠶᠢᠨ ᠡᠳᠤᠷ ᠲᠤ ᠪᠠᠰᠠ ᠵᠤᠴᠢᠯᠠᠬᠤ ᠶᠣᠮ᠃ | ᠰᠠᠭᠠᠭ ᠭᠤᠯᠢᠷ ᠤᠨ ᠾᠧᠯᠧ ︵饸饹︶ ᠢᠳᠡᠭᠦᠯᠵᠦ ᠵᠤᠴᠢᠯᠠᠨ᠎ᠠ᠃ ᠪᠡᠷᠢ ᠪᠠᠭᠤᠯᠭᠠᠬᠤ ᠪᠠᠷ ᠤᠴᠢᠬᠤ ᠬᠦᠮᠦᠰ | ᠪᠣᠯ ᠲᠦᠷᠦᠬᠦᠦ᠂ ᠲᠠᠮᠠᠭᠠᠨ ᠬᠤᠲᠠ᠂ ᠰᠢᠨ᠎ᠡ ᠬᠦᠷᠭᠡᠨ᠂ ᠡᠳᠡ ᠭᠤᠷᠪᠠᠭᠤᠯᠠ ᠪᠠᠨ ᠪᠤᠰᠢᠨᠵᠠ ᠡᠮᠤᠰᠴᠦ ᠵᠢᠷᠤᠭ᠎ᠠ | ᠮᠣᠷᠢ ᠤᠨᠤᠵᠦ ᠤᠴᠢᠨ᠎ᠠ᠃ ᠲᠡᠷᠭᠡᠨ ᠬᠤᠲᠠ ᠰᠡᠤᠬᠡ ᠲᠡᠷᠬᠡ ᠪᠠᠨ ᠬᠥᠯᠵᠦ᠂ ᠦᠬᠢᠨ ᠬᠤᠳᠠᠭᠠᠢ ᠰᠡᠤᠬᠡ ᠲᠡᠷᠭᠡᠨ ᠤ | ᠲᠤᠮᠳᠠ ᠠᠯᠳᠠᠨ ᠮᠠᠯᠠᠬᠡᠢ ︵ ᠪᠥᠰ ᠳᠡᠭᠡᠷ᠎ᠡ ᠨᠡᠭᠡᠭᠰᠡᠨ ᠪᠤᠶᠤ ᠵᠢᠷᠤᠬᠰᠠᠨ ᠮᠡᠯᠡᠬᠡᠢ ᠪᠤᠯᠤᠨ᠎ᠠ᠂ ᠬᠤᠵᠢᠮ ᠵᠡᠰ | ᠲᠣᠯᠢ ᠪᠠᠷ ᠤᠷᠤᠭᠯᠠᠭᠤᠯᠤᠨ᠂ ᠣᠳᠣ ᠰᠢᠭᠤᠳ ᠲᠣᠯᠢ ᠭᠡᠷᠩᠯᠡᠬᠦ ᠪᠣᠯᠵᠠᠢ︶ ᠶᠢ ᠡᠮᠤᠨ᠎ᠡ ᠪᠠᠨ ᠲᠡᠪᠡᠷᠢᠵᠦ ᠰᠠᠭᠤᠨ᠎ᠠ᠃ | ᠬᠠᠯᠠᠭᠤᠨ ᠬᠦᠢᠲᠡᠨ ᠴᠠᠭ ᠢ ᠬᠠᠮᠢᠶᠠᠷᠬᠤ ᠦᠭᠡᠢ ᠵᠠᠪᠠᠯ ᠨᠢᠭᠡᠨ ᠵᠤᠪᠴᠠᠭ᠎ᠠ ︵ᠨᠡᠬᠡᠢ ᠳᠡᠪᠡᠯ︶ ᠠᠪᠴᠦ ᠶᠠᠪᠤᠨ᠎ᠠ᠃ | ᠳᠠᠮᠠᠭᠠᠨ ᠬᠤᠳᠠ ᠳᠠᠮᠠᠭᠠᠨ ᠪᠢᠴᠢᠭ᠂ ᠪᠤᠰᠤᠳ ᠬᠡᠷᠩᠯᠡᠬᠦ ᠪᠡᠯᠡᠭ ᠪᠣᠯᠣᠨ ᠵᠣᠭᠤᠰ ᠵᠤᠭ᠎ᠠ ᠪᠠᠨ ᠭᠦᠢᠴᠡᠳ ᠠᠪᠴᠦ | ᠶᠠᠪᠤᠨ᠎ᠠ᠃ ᠡᠶᠢᠮᠦ ᠲᠠᠪᠤᠨ ᠬᠦᠮᠦᠨ ᠬᠠᠮᠳᠦ ᠤᠴᠢᠨ᠎ᠠ᠃ ᠤᠴᠢᠬᠤ ᠳᠦᠷᠪᠡᠨ ᠬᠦᠮᠦᠨ ᠪᠦᠷ ᠲᠡᠭᠦᠰ ᠬᠦᠮᠦᠨ | ᠪᠠᠶᠢᠬᠤ ᠬᠡᠷᠩᠲᠡᠢ᠃ ᠲᠡᠷᠭᠡ ᠤᠨᠠᠭ᠎ᠠ ᠶᠢ ᠴᠦ ᠴᠢᠮᠡᠭᠯᠡᠬᠦ ᠬᠡᠷᠩᠲᠡᠢ᠃ ᠮᠤᠷᠢᠨ ᠳᠡᠯ ᠳᠤ ᠣᠯᠠᠭᠠᠨ ᠪᠥᠰ ᠦᠭᠡᠳᠡᠰᠦ | ᠤᠶᠠᠨ᠎ᠠ᠃ ᠰᠡᠤᠬᠡ ᠲᠡᠷᠭᠡᠨ ᠳᠡᠭᠡᠷ᠎ᠡ ᠤᠷᠬᠢᠮᠵᠢ ᠪᠦᠷᠢᠨ᠎ᠡ᠃ ᠲᠡᠷᠭᠡᠨ ᠳᠤ ᠯᠠᠭᠤᠰᠠ ᠪᠤᠶᠤ ᠡᠯᠵᠢᠭᠡ ᠬᠥᠯᠵᠦ ᠪᠣᠯᠬᠤ | ᠦᠭᠡᠢ᠃ ᠲᠠᠮᠠᠭᠠᠨ ᠬᠤᠳᠠ ᠬᠡᠯᠡᠮᠤᠷᠴᠢ ᠪᠢᠰᠢ ᠪᠣᠯ ᠠᠰᠳᠠᠭᠠᠨ ᠬᠡᠯᠡᠮᠤᠷᠴᠢ ᠳᠠᠭᠠᠭᠤᠯᠵᠤ ᠤᠴᠢᠬᠤ ᠬᠡᠷᠩᠲᠡᠢ᠃ ᠵᠠᠮ | ᠬᠤᠯᠠ ᠰᠠᠶᠢᠨ ᠴᠠᠭ ᠳᠡᠭᠡᠷ᠎ᠡ ᠨᠢ ᠢᠷᠡᠵᠦ ᠠᠮᠵᠢᠬᠤ ᠦᠭᠡᠢ ᠪᠣᠯ ᠮᠦᠷᠭᠦᠭᠦᠯᠦᠭᠰᠡᠨ ᠡᠵᠢ ᠨᠢ ᠭᠠᠯ ᠳᠡᠭᠷᠢ ᠳᠤ | ᠮᠦᠷᠭᠦᠭᠦᠯᠬᠦ ᠡᠳ᠋ ᠬᠡᠷᠩᠰᠡᠯ ᠢᠶᠠᠨ ᠪᠦᠷᠢᠨ ᠠᠪᠴᠦ ᠤᠴᠢᠨ᠎ᠠ᠃ ᠰᠠᠶᠢᠨ ᠴᠠᠭ ᠨᠢ ᠪᠣᠯᠪᠠᠯ ᠵᠠᠮ ᠭᠤᠳᠤᠰ ᠲᠤ | ᠰᠢᠨ᠎ᠡ ᠬᠦᠷᠭᠡᠨ ᠰᠢᠨ᠎ᠡ ᠪᠡᠷᠢ ᠶᠢ ᠭᠠᠯ᠂ ᠲᠡᠭᠷᠢ ᠳᠤ ᠮᠦᠷᠭᠦᠭᠦᠯᠦᠨ᠎ᠡ᠃ ᠰᠡᠤᠬᠡ ᠲᠡᠷᠭᠡ ᠮᠤᠷᠳᠠᠬᠤ ᠦᠶ᠎ᠡ ᠳᠤ | ᠬᠦᠷᠭᠡᠨ ᠭᠡᠷ ᠤᠨ ᠠᠬᠠᠮᠠᠳ ᠲᠠᠭᠠᠨ ᠮᠦᠷᠭᠦᠨ᠎ᠡ᠃ ᠠᠬᠠᠮᠠᠳ ᠤᠨ ᠲᠤᠮᠳᠠ ᠠᠴᠠ ᠨᠢᠭᠡ ᠨᠢ ᠪᠡᠯᠭᠡᠲᠡᠢ ᠦᠭᠡ ᠪᠠᠷ | ᠵᠦᠩᠨᠡᠭᠡᠳ ᠲᠡᠷᠭᠡ ᠬᠦᠳᠡᠯᠦᠨ᠎ᠡ᠃ ᠲᠡᠷᠭᠡ ᠬᠡᠤᠬᠡᠨ ᠤ ᠲᠠᠯ᠎ᠠ ᠶᠢᠨ ᠡᠭᠦᠳᠡᠨ ᠡᠮᠤᠨ᠎ᠡ ᠬᠦᠷᠪᠡᠯ᠂ ᠲᠡᠷᠭᠡ | ᠮᠤᠷᠢᠨ ᠠᠴᠠ ᠪᠠᠨ ᠪᠠᠭᠤᠬᠰᠠᠨ ᠬᠤᠶᠢᠨ᠎ᠠ ᠰᠢᠭᠤᠳ ᠭᠡᠷ ᠲᠤᠨᠢ ᠤᠷᠤᠵᠦ ᠪᠣᠯᠬᠤ ᠦᠭᠡᠢ᠃ ᠡᠭᠦᠳᠡᠨ ᠳᠡᠷᠤᠯᠭᠠ | ᠬᠢᠵᠦ ᠪᠠᠶᠢᠨ᠎ᠠ᠃ |