ᠡᠭᠦᠳᠡᠨ ᠳᠠᠷᠣᠯᠭ᠎ᠠ
ᠨᠡᠶᠢᠲᠡᠯᠡᠭᠰᠡᠨ ᠴᠠᠭ᠄
2020/9/14
ᠡᠭᠦᠳᠡᠨ ᠳᠠᠷᠣᠯᠭ᠎ᠠ ᠳᠤ ᠬᠡᠤᠬᠡᠨ ᠤ ᠲᠠᠯ᠎ᠠ ᠶᠢᠨ ᠬᠤᠷᠤᠭᠠᠨᠳᠠ ︵ᠬᠤᠷᠣᠭᠠᠨ ᠳ᠋ᠠ︶ ᠵᠡᠷᠭᠡ ᠲᠠᠢ ᠨᠢᠭᠡᠨ ᠬᠡᠯᠡᠮᠤᠷᠴᠢ ᠡᠷᠩᠲᠡᠢ᠂ ᠬᠡᠤᠭᠡᠨ ᠤ ᠪᠡᠷᠭᠡᠨ ᠪᠣᠯᠬᠤ ᠬᠤᠶᠠᠷ ᠪᠦᠰᠡᠭᠦᠢ ᠤᠷᠲᠦ ᠳᠡᠪᠡᠯ ᠡᠮᠤᠰᠴᠦ ᠴᠢᠮᠡᠭᠯᠡᠭᠰᠡᠨ ᠭᠤᠷᠪᠠᠨ ᠬᠦᠮᠦᠨ ᠡᠭᠦᠳᠡᠨ ᠲᠤᠮᠲᠠ ᠪᠠᠨ ᠰᠢᠷᠡᠭᠡ ᠳᠠᠯᠪᠢᠵᠦ ᠤᠬᠳᠤᠵᠦ ᠵᠤᠬᠰᠤᠨ᠎ᠠ᠃ ᠪᠤᠰᠤᠳ ᠣᠯᠠᠨ ᠬᠦᠮᠦᠨ ᠭᠠᠷᠯᠠᠨ ᠵᠤᠬᠰᠤᠵᠦ ᠱᠤᠭ ᠪᠠᠷᠢᠨ᠎ᠠ᠃ ᠡᠭᠦᠳᠡᠨ ᠳᠠᠷᠣᠯᠭ᠎ᠠ ᠳᠤ ᠬᠡᠯᠡᠬᠦ ᠦᠭᠡ ᠶᠢ ᠵᠠᠷᠢᠮ ᠤᠷᠤᠨ ᠳᠤ《  ᠬᠤᠷᠢᠮ ᠤᠨ ᠦᠭᠡ 》ᠭᠡᠵᠦ ᠬᠡᠯᠡᠳᠡᠭ᠃ ᠬᠦᠷᠭᠡᠨ ᠤ ᠲᠠᠯ᠎ᠠ ᠶᠢᠨ ᠲᠠᠮᠠᠭᠠᠨ ᠬᠤᠳᠠ ︵ᠬᠡᠯᠡᠮᠤᠷᠴᠢ︶ ᠢᠷᠡᠵᠦ᠂ ᠬᠤᠶᠠᠷ ᠡᠳᠡᠭᠡᠳ ᠢᠶᠠᠷ ᠢᠶᠠᠨ ᠪᠡᠯᠡᠨ ᠰᠢᠯᠥᠭ ᠵᠤᠬᠢᠶᠠᠵᠦ ᠪᠡᠶ᠎ᠡ ᠪᠡᠶᠡᠰ ᠢ ᠪᠠᠨ ᠭᠠᠷᠳᠠᠭᠠᠬᠤ ᠪᠠᠷ ᠳᠠᠭᠠᠷᠢᠯᠴᠠᠨ ᠶᠠᠷᠢᠯᠴᠠᠬᠤ ᠪᠣᠯᠣᠨ᠎ᠠ᠃ ᠡᠭᠦᠨ ᠳᠤ ᠵᠠᠷᠢᠮ ᠢ ᠨᠢ ᠰᠠᠶᠢᠷᠡᠭᠦᠯᠪᠡᠯ᠄ᠬᠡᠤᠭᠡᠨ ᠤ ᠲᠠᠯ᠎ᠠ ᠶᠢᠨ ᠬᠤᠷᠤᠭᠠᠨᠳᠠ ᠠᠴᠠ᠄《ᠵᠧ︕ ᠤᠮ ᠰᠠᠶᠢᠨ ᠠᠮᠤᠭᠤᠯᠠᠩᠲᠠᠨ ᠪᠣᠯᠳᠤᠭᠠᠢ︕  ᠡᠩᠬᠡ ᠰᠠᠶᠢᠨ ᠵᠢᠷᠭᠠᠯᠠᠩᠲᠠᠨ ᠪᠣᠯᠳᠣᠭᠠᠢ︕  ᠠᠬᠠᠯᠠᠬᠴᠢ ᠲᠦᠷᠦᠬᠦᠦ ᠠᠴᠠ  ᠠᠬ᠎ᠠ ᠳᠡᠭᠦᠦ ᠨᠠᠷ ᠤᠨ ᠠᠮᠤᠷ ᠢ ᠡᠷᠢᠵᠦ ᠠᠮᠤᠢ》 ᠬᠡᠵᠦ ᠡᠪᠤᠳᠦᠭ ᠨᠤᠭᠤᠯᠤᠨ ᠰᠦᠬᠦᠷᠡᠭᠡᠳ ᠦᠷᠬᠦᠯᠵᠢᠯᠡᠨ᠄《ᠶᠠᠭᠤᠨ ᠤ ᠬᠦᠮᠦᠨ ᠪᠣᠢ︖  ᠶᠠᠮᠠᠷ ᠤᠴᠢᠷ ᠢᠶᠠᠷ ᠶᠠᠪᠤᠬᠤ ᠪᠣᠢ︖ ᠬᠡᠮᠡᠨ  ᠨᠠᠷᠢᠨ ᠤᠴᠢᠷ ᠢ ᠭᠡᠭᠡᠭᠳᠡᠯ ᠦᠭᠡᠢ ᠠᠰᠠᠭᠤ ᠭᠡᠵᠦ  ᠨᠠᠮᠠᠶᠢ ᠲᠤᠮᠢᠯᠠᠵᠦ ᠭᠠᠷᠭᠠᠬᠰᠠᠨ ᠪᠢᠯᠡ᠃  ᠮᠠᠨ ᠤ ᠡᠨᠡ ᠭᠠᠵᠠᠷ ᠭᠡᠭᠴᠢ  ᠡᠵᠡᠨ ᠴᠢᠩᠬᠢᠰ ᠠᠴᠠ ᠡᠰᠢ ᠲᠠᠢ ᠡᠩᠬᠡ ᠪᠦᠬᠦᠨ ᠢ ᠡᠵᠡᠯᠡᠭᠴᠢ ᠲᠠᠮᠠᠭ᠎ᠠ ᠲᠠᠢ ᠮᠠᠨ ᠤ ᠡᠨᠡ ᠨᠤᠳᠤᠭ ᠭᠡᠭᠴᠢ ᠬᠠᠭᠠᠨ ᠴᠢᠩᠭᠢᠰ ᠠᠴᠠ ᠬᠠᠶᠢᠷᠠᠲᠠᠢ ᠬᠠᠮᠤᠭ ᠪᠦᠭᠦᠳᠡ ᠶᠢ ᠵᠠᠬᠢᠷᠬᠤ ᠲᠠᠮᠠᠭ᠎ᠠ ᠲᠠᠢ᠃ ᠭᠠᠳᠠᠨ᠎ᠠ ᠲᠤᠳᠤᠨ᠎ᠠ ᠶᠤᠰᠦ ᠴᠠᠭᠠᠵᠠ ᠲᠠᠢ ᠭᠠᠵᠠᠷ ᠭᠠᠳᠠᠨᠠᠬᠢ ᠬᠦᠮᠦᠨ ᠢ ᠦᠯᠡᠳᠡᠭᠡᠬᠦ ᠦᠭᠡᠢ ᠭᠠᠵᠠᠷ᠃ ᠠᠪᠠ ᠶᠢᠨ ᠬᠦᠮᠦᠨ ᠪᠣᠯ ᠠᠭᠤᠯᠠᠨ ᠵᠠᠮ ᠢᠶᠠᠨ ᠡᠷᠢᠵᠦ ᠶᠠᠪᠤᠨ᠎ᠠ ᠪᠠ︖ ᠠᠶᠠᠨ ᠤ ᠬᠦᠮᠦᠨ ᠪᠣᠯ ᠠᠵᠢᠭ ᠦᠭᠡᠢ ᠲᠠ ᠨᠠᠷ ᠠᠯᠲᠠᠨ ᠡᠬᠦᠳᠡᠨ ᠳᠤ ᠬᠦᠷᠴᠦ ᠢᠷᠡᠵᠡᠭᠡᠭᠡᠳ ᠵᠠᠭᠠᠨ ᠤᠶᠠᠭᠠᠲᠠᠢ ᠪᠠᠭᠠᠨ᠎ᠠ ᠠᠴᠠ ᠠᠶᠠᠨ ᠤ ᠮᠣᠷᠢ ᠪᠠᠨ ᠤᠶᠠᠭᠠᠳ ᠴᠢᠮᠡᠭᠯᠡᠭᠰᠡᠨ ᠤᠯᠠᠨ ᠮᠤᠷᠢᠲᠠᠨ ᠴᠤᠭᠯᠠᠷᠠᠬᠰᠠᠨ ᠤᠯᠠᠨ ᠲᠠ ᠨᠠᠷ ᠬᠠᠮᠢᠭᠠᠬᠢ ᠪᠣᠢ︖》 ᠭᠡᠵᠦ ᠠᠰᠠᠭᠤᠬᠤ ᠳᠤ ᠬᠦᠷᠭᠡᠨ ᠤ ᠲᠠᠯ᠎ᠠ ᠶᠢᠨ ᠳᠠᠮᠠᠭᠠᠨ ᠬᠤᠲᠠ᠄ 《ᠵᠧ︕ ᠣᠮ ᠰᠠᠶᠢᠨ ᠠᠮᠤᠭᠤᠯᠠᠩᠲᠠᠨ ᠪᠣᠯᠲᠣᠭᠠᠢ︕   ᠡᠩᠬᠡ ᠰᠠᠶᠢᠨ ᠵᠢᠷᠭᠠᠯᠠᠩᠲᠠᠨ ᠪᠣᠯᠳᠣᠭᠠᠢ︕   ᠦᠨᠳᠦᠷ ᠢᠶᠠᠷ ᠢᠶᠠᠨ ᠤᠬᠳᠠᠷᠭᠤᠢ ᠶᠢ ᠲᠤᠯᠤᠮᠠᠷ   ᠦᠷᠭᠡᠨ ᠢᠶᠠᠷ ᠢᠶᠠᠨ ᠳᠡᠯᠡᠬᠡᠢ ᠶᠢ ᠪᠦᠷᠬᠦᠮᠡᠷ   ᠬᠤᠲᠠ ᠤᠷᠤᠭ ᠤᠨ ᠬᠡᠭᠡᠨ ᠤᠷᠳᠤᠨ ᠢ ᠪᠠᠷᠠᠭᠠᠯᠠᠵᠦ   ᠬᠤᠲᠠ ᠤᠷᠤᠭ ᠲᠠᠨ ᠤ ᠠᠮᠤᠷ ᠢ ᠡᠷᠢᠨ ᠢᠷᠡᠭᠰᠡᠨ ᠪᠢᠳᠠ︕》 ᠭᠡᠵᠦ ᠡᠪᠤᠳᠦᠭ ᠨᠤᠭᠤᠯᠤᠨ ᠰᠦᠬᠦᠷᠡᠨ ᠡᠬᠢᠯᠡᠭᠡᠳ ᠦᠷᠭᠦᠯᠵᠢᠯᠡᠨ᠄   《ᠬᠠᠭᠠᠨ ᠴᠢᠩᠭᠢᠰ ᠤᠨ ᠬᠠᠶᠢᠷᠠᠯᠠᠯᠲᠠᠢᠬᠠᠩᠭᠠᠢ ᠰᠠᠶᠢᠬᠠᠨ ᠨᠤᠳᠤᠭ ᠲᠠᠢᠬᠠᠮᠤᠭ ᠪᠦᠬᠦᠨ ᠳᠤ ᠠᠯᠳᠠᠷᠰᠢᠬᠰᠠᠨᠬᠠᠷᠠᠴᠢᠨ ᠬᠤᠰᠢᠭᠤᠨ ᠤ ᠬᠢ ᠪᠢᠯᠡ᠃ ᠡᠷᠲᠡ ᠪᠢᠳᠡ‌‍ᠶ᠋ᠢᠰᠦᠨ ᠳᠠᠪᠬᠤᠷ ᠤᠷᠤᠭ ᠪᠣᠯᠣᠬᠰᠠᠨ ᠠᠴᠠᠬᠤᠷᠳᠤᠨ ᠮᠤᠷᠢᠳ ᠵᠦᠳᠡᠷᠡᠭᠰᠡᠨ ᠦᠭᠡᠢᠬᠤᠪᠢ ᠲᠠᠢ ᠶᠠᠪᠤᠳᠠᠯ ᠰᠠᠭᠠᠳᠤᠬᠰᠠᠨ ᠦᠭᠡᠢᠠᠵᠢᠭ ᠦᠭᠡᠢ ᠪᠢᠳᠡ ᠨᠠᠷᠠᠯᠲᠠᠨ ᠡᠭᠦᠳᠡᠨ ᠳᠤ ᠴᠢᠨᠢ ᠢᠷᠡᠵᠡᠭᠡᠵᠡᠢ᠃ᠢᠷᠡᠭᠰᠡᠨ ᠮᠠᠨ ᠢ ᠡᠷᠭᠢᠭᠦᠯᠬᠦ ᠦᠭᠡᠢᠬᠦᠰᠡᠭᠰᠡᠨ ᠮᠠᠨ ᠢ ᠬᠦᠴᠢᠷᠳᠡᠭᠦᠯᠬᠦ ᠦᠭᠡᠢᠠᠴᠢ ᠬᠡᠰᠢᠭ ᠶᠡᠭᠡ ᠶᠢᠨ ᠲᠤᠯᠠᠠᠯᠤᠰ ᠠᠴᠠ ᠬᠤᠷᠢᠮ ᠢᠶᠠᠨ ᠪᠠᠷᠢᠬᠤ ᠬᠡᠵᠦ ᠢᠷᠡᠭᠰᠡᠨᠤᠷᠤᠭ ᠤᠨ ᠤᠴᠢᠷ ᠢ ᠤᠯᠠᠮᠵᠢᠯᠠᠨ ᠮᠡᠳᠡᠭᠦᠯᠵᠦᠤᠷᠳᠤᠨ ᠳᠠᠭᠠᠨ ᠪᠢᠳᠡᠨ ᠢ ᠵᠠᠯᠠᠬᠤ ᠪᠣᠯᠪᠠ ᠤᠤ︖》 ᠭᠡᠵᠦ ᠬᠤᠷᠤᠭᠠᠨ ᠳ᠋ᠠ ᠲᠤᠳᠤᠬᠰᠢ ᠬᠡᠳᠦ ᠠᠯᠬᠤᠵᠦ ᠡᠭᠡᠵᠦ ᠢᠷᠡᠭᠡᠳ᠄《ᠵᠧ︕ ᠣᠮ ᠰᠠᠶᠢᠨ ᠠᠮᠤᠭᠤᠯᠠᠩᠲᠠᠨ ᠪᠤᠯᠳᠤᠭᠠᠢ︕ ᠡᠩᠬᠡ ᠰᠠᠶᠢᠨ ᠵᠢᠷᠭᠠᠯᠠᠩᠲᠠᠨ ᠪᠣᠯᠳᠣᠭᠠᠢ︕ᠮᠠᠨ ᠤ ᠲᠦᠷᠦᠬᠦᠦ ᠵᠠᠰᠠᠭ ᠲᠤ ᠲᠠᠨ ᠤ ᠤᠴᠢᠷ ᠢ ᠮᠡᠳᠡᠭᠦᠯᠵᠦ ᠥᠭᠴᠡᠢ᠃ᠮᠠᠨ ᠤ ᠲᠦᠷᠦᠬᠦᠦ ᠵᠠᠰᠠᠭ ᠪᠠᠰᠠ ᠯᠡᠲᠠᠨ ᠢ ᠬᠦᠯᠢᠶᠡᠨ ᠠᠪᠬᠤ ᠦᠭᠡᠢ ᠪᠠᠶᠢᠨ᠎ᠠ᠃ᠤᠷᠤᠭ ᠪᠣᠯᠪᠠᠯ ᠤᠴᠢᠷ ᠲᠠᠢ ᠭᠡᠨ᠎ᠡ᠃ ᠤᠷᠢᠳᠡ ᠶᠢᠨ ᠶᠤᠰᠦ ᠵᠠᠩᠰᠢᠯ ᠪᠠᠶᠢᠬᠤ ᠭᠡᠨ᠎ᠡ᠃ᠡᠨᠡ ᠡᠭᠦᠳᠡ ᠪᠠᠷ ᠤᠷᠤᠬᠤ ᠬᠦᠮᠦᠨᠡᠮᠡᠭᠡᠯ ᠬᠠᠵᠠᠭᠠᠷ ᠲᠠᠢ ᠮᠣᠷᠢᠪᠤᠯᠢᠭᠠᠷᠢᠨ ᠭᠤᠳᠣᠯᠪᠣᠯᠠᠭᠠᠨ ᠮᠠᠯᠠᠭᠠᠢ ᠲᠠᠢᠬᠠᠯᠢᠭᠤᠨ ᠳᠡᠪᠡᠯᠬᠠᠰ ᠬᠠᠳᠠᠭ ᠤᠨ ᠪᠡᠯᠡᠭ ᠲᠠᠢ ᠭᠡᠨ᠎ᠡ》 ᠭᠡᠵᠦ ᠬᠠᠷᠢᠭᠤ ᠬᠡᠯᠡᠪᠡᠯ ᠲᠠᠮᠠᠭᠠᠨ ᠬᠤᠳᠠ᠄《ᠵᠧ︕ ᠣᠮ ᠰᠠᠶᠢᠨ ᠠᠮᠤᠭᠤᠯᠠᠩᠲᠠᠨ ᠪᠣᠯᠳᠣᠭᠠᠢ︕ᠡᠩᠬᠡ ᠰᠠᠶᠢᠨ ᠵᠢᠷᠭᠠᠯᠠᠩᠲᠠᠨ ᠪᠣᠯᠳᠣᠭᠠᠢ︕ᠡᠵᠡᠨ ᠲᠦᠷᠦ ᠡᠩᠬᠡ ᠲᠠᠶᠢᠪᠤᠡᠭ ᠠᠲᠠᠯ᠎ᠠᠡᠭᠦᠳᠡ ᠪᠠᠨ ᠳᠡᠷᠤᠭᠠᠳ ᠶᠠᠭᠠᠬᠢᠬᠤ ᠪᠣᠢ︖ ᠡᠳ᠋ ᠠᠰᠢᠭ ᠠᠪᠬᠤ ᠭᠡᠬᠦ ᠨᠢᠡᠨᠡ ᠨᠢ ᠶᠠᠮᠠᠷ ᠣᠴᠢᠷ ᠪᠣᠯᠪᠠ︖ᠬᠠᠭᠠᠨ ᠲᠦᠷᠦ ᠬᠠᠮᠲᠦ ᠪᠠᠶᠢᠲᠠᠯ᠎ᠠᠬᠠᠭᠠᠯᠭ᠎ᠠ ᠪᠠᠨ ᠳᠠᠷᠤᠭᠠᠳ ᠶᠠᠭᠠᠬᠢᠬᠤ ᠪᠤᠢ︖ ᠬᠠᠷᠢ ᠠᠴᠠ ᠢᠷᠡᠭᠰᠡᠨ ᠮᠠᠨ ᠢ ᠤᠷᠤᠭᠤᠯᠬᠤ ᠦᠭᠡᠢ ᠨᠢᠬᠠᠮᠢᠭᠠᠬᠢ ᠶᠤᠰᠦ ᠤᠴᠢᠷ ᠪᠣᠢ︖》 ᠭᠡᠵᠦ ᠠᠪᠴᠢᠷᠠᠬᠰᠠᠨ ᠡᠭᠦᠳᠡᠨ ᠪᠡᠯᠡᠭ ᠭᠡᠵᠦ ᠬᠤᠶᠠᠷ ᠯᠤᠩᠬᠤ ᠠᠷᠢᠬᠢ᠂ ᠬᠤᠶᠠᠷ ᠬᠠᠳᠠᠭ ᠪᠣᠯᠣᠨ ᠵᠤᠭᠤᠰ ᠢᠶᠠᠨ ᠰᠢᠷᠡᠭᠡᠨ ᠳᠡᠭᠡᠷ᠎ᠡ ᠭᠠᠷᠭᠠᠵᠦ ᠲᠠᠯᠪᠢᠨ᠎ᠠ᠃ ᠳᠠᠭᠠᠷᠢᠯᠴᠠᠭ᠎ᠠ ᠵᠤᠬᠰᠤᠪᠡᠯ ᠬᠤᠶᠠᠷ ᠪᠦᠰᠡᠭᠦᠢ ᠯᠣᠩᠬᠤᠨ ᠪᠦᠷᠭᠦᠭᠡᠰᠦ ᠶᠢ ᠮᠥᠩᠭᠦᠨ ᠬᠠᠳᠬᠤᠭᠤᠷ ᠢᠶᠠᠷ ᠴᠣᠭᠤᠯᠵᠤ᠄《 ᠪᠤᠳᠤᠩ ᠲᠠᠢ ᠠᠷᠢᠬᠢ ᠶᠢ ᠳᠠᠮᠨᠠᠨ ᠣᠷᠣᠭᠠᠷᠠᠢ︕》 ᠬᠡᠵᠦ ᠬᠡᠯᠡᠪᠡᠯ ᠬᠠᠵᠠᠭᠤ ᠶᠢᠨ ᠬᠦᠮᠦᠨ ᠯᠣᠩᠬᠤ ᠲᠠᠢ ᠠᠷᠢᠬᠢ ᠶᠢ ᠠᠪᠴᠦ ᠤᠷᠤᠨ᠎ᠠ᠃ ᠰᠢᠷᠡᠭᠡᠨ ᠳᠡᠭᠡᠷᠡᠬᠢ ᠵᠤᠭᠤᠰ ᠢ ᠬᠤᠶᠠᠷ ᠪᠦᠰᠡᠭᠦᠢ ᠬᠤᠪᠢᠶᠡᠨ ᠠᠪᠳᠠᠭ᠃ ᠬᠠᠳᠠᠭ ᠢ ᠬᠤᠷᠤᠭᠠᠨᠳᠠ ᠬᠤᠷᠢᠶᠠᠨ ᠠᠪᠤᠭᠠᠳ᠄《ᠠᠯᠳᠠᠷ ᠲᠠᠢ ᠬᠠᠷᠠᠴᠢᠨ ᠭᠡᠶᠢᠴᠢᠨ ᠢᠶᠠᠨᠠᠯᠳᠠᠨ ᠤᠷᠤᠭ ᠲᠠᠨ ᠢ ᠪᠠᠨᠥᠷᠥᠭᠡ ᠭᠡᠷ ᠦᠨᠳᠦᠷ ᠪᠠᠶᠢᠰᠢᠩ ᠳᠠᠭᠠᠨᠥᠨᠡᠨ ᠰᠡᠳᠬᠢᠯ ᠠᠴᠠ ᠪᠠᠨ ᠵᠠᠯᠠᠵᠦ ᠪᠠᠶᠢᠨ᠎ᠠ》 ᠭᠡᠵᠦ ᠬᠡᠯᠡᠭᠡᠳ ᠰᠢᠷᠡᠭᠡ ᠶᠢ ᠵᠠᠶᠢᠯᠠᠭᠤᠯᠤᠨ ᠪᠠᠷᠠᠭᠤᠨ ᠭᠡᠷ ᠲᠡᠭᠡᠨ ᠵᠠᠯᠠᠵᠦ ᠤᠷᠤᠭᠤᠯᠤᠨ᠎ᠠ᠃ ᠭᠡᠷ ᠲᠤ ᠤᠷᠤᠬᠰᠠᠨ ᠤ ᠳᠠᠷᠠᠭ᠎ᠠ ᠲᠠᠮᠠᠭᠠᠨ ᠬᠤᠳᠠ ᠬᠦᠩᠭᠠᠷᠠᠪᠠ ᠪᠤᠷᠬᠠᠨ ᠤ ᠡᠮᠤᠨ᠎ᠡ ᠬᠠᠳᠠᠭ ᠡᠷᠭᠦᠨ᠎ᠡ᠃ ᠬᠠᠳᠠᠭ ᠢᠶᠠᠨ ᠳᠡᠯᠭᠡᠨ ᠳᠠᠯᠪᠢᠵᠦ᠂ ᠳᠡᠭᠡᠷ᠎ᠡ ᠨᠢ ᠲᠦᠬᠦᠷᠡᠩ ᠠᠷᠢᠬᠢ ᠲᠠᠢ ᠬᠤᠨᠳᠠᠭ᠎ᠠ ᠲᠠᠯᠪᠢᠵᠦ ᠮᠦᠷᠭᠦᠨ᠎ᠡ᠃ ᠮᠥᠷᠬᠦᠬᠦ ᠳᠡᠭᠡᠨ ᠪᠤᠷᠬᠠᠨ ᠤ ᠪᠡᠯᠭᠡ ᠬᠡᠯᠡᠳᠡᠭ᠃ ᠡᠭᠦᠨ ᠤ ᠳᠠᠷᠠᠭ᠎ᠠ ᠬᠡᠤᠭᠡᠨ ᠤ ᠲᠠᠯ᠎ᠠ ᠶᠢᠨ ᠪᠡᠷᠭᠡᠨ ᠪᠣᠯᠬᠤ ᠨᠢᠭᠡᠨ ᠪᠦᠰᠡᠭᠦᠢ ᠰᠢᠨ᠎ᠡ ᠬᠦᠷᠭᠡᠨ ᠢ ᠳᠠᠭᠠᠠᠭᠤᠯᠵᠦ ᠠᠬᠠᠮᠠᠳ ᠨᠠᠰᠤᠲᠠᠨ ᠳᠠᠭᠠᠨ ᠣᠴᠠᠷᠠᠭᠤᠯᠬᠤ ᠵᠠᠩ ᠦᠢᠯᠡ ᠪᠠᠶᠢᠳᠠᠭ ᠶᠣᠮ᠃ ᠤᠴᠠᠷᠠᠭᠤᠯᠵᠦ ᠪᠠᠷᠠᠬᠰᠠᠨ ᠤ ᠬᠤᠶᠢᠨ᠎ᠠ ᠳᠡᠭᠡᠲᠦ ᠰᠢᠷᠡᠭᠡ ᠵᠠᠰᠠᠨ᠎ᠠ᠃
 
ᠢᠷᠡᠯᠲᠡ᠄ ᠨᠢᠩᠴᠧᠩ ᠰᠢᠶᠠᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号