ᠶᠠᠭᠤ ᠶᠢ ᠰᠦᠷᠢᠶ᠎ᠡ ᠡᠪᠡᠳᠴᠢᠨ ᠭᠡᠬᠦ ᠪᠤᠢ︖
ᠨᠡᠶᠢᠲᠡᠯᠡᠭᠰᠡᠨ ᠴᠠᠭ᠄
2020/9/17
     ᠰᠦᠷᠢᠶ᠎ᠡ ᠡᠪᠡᠳᠴᠢᠨ ᠪᠤᠯ ᠰᠦᠷᠢᠶ᠎ᠡ ᠶᠢᠨ ᠰᠠᠪᠠᠭ᠋ᠠᠨᠴᠢᠷ ᠪᠠᠺᠲ᠋ᠧᠷᠢ ᠠᠴᠠ ᠡᠭᠦᠰᠦᠭᠰᠡᠨ ᠤᠲᠠᠭᠠᠨ ᠴᠢᠨᠠᠷᠲᠠᠢ  ᠬᠠᠯᠲᠠᠪᠤᠷᠢᠲᠤ ᠡᠪᠡᠳᠴᠢᠨ ᠪᠠᠶᠢᠵᠤ᠂ ᠪᠦᠬᠦ ᠪᠡᠶ᠎ᠡ ᠶᠢᠨ ᠤᠯᠠᠨ ᠡᠷᠬᠡᠲᠡᠨ ᠳᠤ ᠬᠤᠯᠪᠤᠭᠲᠠᠨ᠎ᠠ᠃ ᠭᠡᠪᠡᠴᠦ  ᠠᠭᠤᠰᠬᠢᠨ ᠰᠦᠷᠢᠶ᠎ᠡ ᠬᠠᠮᠤᠭ ᠠᠴᠠ ᠦᠷᠬᠦᠯᠵᠢ ᠲᠤᠬᠢᠶᠠᠯᠳᠤᠳᠠᠭ᠃ ᠪᠠᠺᠲ᠋ᠧᠷᠢ ᠲᠠᠯᠪᠢᠬᠤ ᠡᠪᠡᠳᠴᠢᠲᠡᠨ ᠪᠤᠯ  ᠬᠠᠯᠲᠠᠪᠤᠷᠢᠯᠠᠬᠤ ᠭᠤᠤᠯ ᠢᠷᠡᠯᠲᠡ ᠪᠤᠯᠤᠨ᠎ᠠ᠃ ᠬᠦᠮᠦᠨ ᠤ ᠮᠠᠬᠠᠪᠤᠳ ᠲᠤ ᠰᠦᠷᠢᠶ᠎ᠡ ᠶᠢᠨ ᠪᠠᠺᠲ᠋ᠧᠷᠢ  ᠬᠠᠯᠲᠠᠪᠤᠷᠢᠯᠠᠭᠰᠠᠨ ᠤ ᠲᠠᠷᠠᠭ᠎ᠠ ᠵᠠᠪᠠᠯ ᠡᠪᠡᠳᠴᠢᠨ ᠡᠭᠦᠰᠬᠦ ᠪᠢᠰᠢ᠂ ᠵᠦᠪᠬᠡᠨ ᠦᠯᠦ ᠬᠠᠯᠲᠠᠭᠠᠬᠤ ᠴᠢᠲᠠᠪᠤᠷᠢ  ᠲᠤᠷᠤᠭᠰᠢᠯᠠᠭᠰᠠᠨ ᠦᠶ᠎ᠡ ᠳᠤ ᠡᠬᠢᠯᠡᠨ ᠡᠪᠡᠳᠴᠢᠨ ᠡᠭᠦᠰᠦᠨ᠎ᠡ᠃ ᠨᠡᠶᠢᠳᠡᠯᠢᠭ ᠠᠭᠤᠰᠬᠢᠨ ᠰᠦᠷᠢᠶ᠎ᠡ ᠶᠢᠨ  ᠡᠪᠡᠳᠴᠢᠨ ᠤ ᠡᠬᠢᠯᠡᠯᠲᠡ ᠤᠲᠠᠭᠠᠨ᠂ ᠡᠪᠡᠳᠴᠢᠯᠡᠬᠦ ᠶᠠᠪᠤᠴᠠ  ᠨᠡᠯᠢᠶᠡᠳ ᠤᠷᠲᠤ᠂ ᠪᠠᠭ᠎ᠠ ᠬᠠᠯᠠᠭᠤᠷᠠᠵᠤ᠂  ᠲᠠᠮᠢᠷᠲᠠᠵᠤ᠂ ᠢᠳᠡᠭᠡᠨ ᠤ ᠲᠤᠷᠠᠰᠢᠯ ᠲᠤᠭᠲᠠᠪᠤᠷᠢ ᠦᠭᠡᠢ ᠪᠤᠯᠵᠤ᠂ ᠬᠠᠨᠢᠶᠠᠯᠭᠠᠬᠤ ᠪᠠ ᠪᠠᠭ᠎ᠠ ᠬᠡᠮᠵᠢᠶᠡᠨ ᠤ ᠴᠢᠰᠤ   ᠲᠠᠢ ᠬᠠᠨᠢᠶᠠᠯᠭᠠᠨ᠎ᠠ᠃ ᠬᠡᠪᠡᠴᠦ ᠤᠯᠠᠩᠬᠢ ᠡᠪᠡᠳᠴᠢᠲᠡᠨ ᠤ ᠡᠪᠡᠳᠴᠢᠨ ᠨᠢ ᠴᠦᠮ ᠬᠦᠩᠬᠡᠪᠳᠦᠷ᠂ ᠦᠷᠬᠦᠯᠵᠢ  ᠢᠯᠡᠷᠬᠡᠢ ᠡᠪᠡᠳᠴᠢᠨ ᠤ ᠢᠯᠡᠷᠡᠯ ᠦᠭᠡᠢ ᠪᠠᠶᠢᠵᠤ᠂X ᠰᠠᠴᠤᠷᠠᠭ ᠢᠶᠠᠷ ᠡᠷᠡᠬᠦᠯᠵᠢᠯ ᠤᠨ ᠪᠠᠶᠢᠴᠠᠭᠠᠯᠲᠠ ᠬᠢᠪᠡᠯ ᠰᠠᠶ᠋ᠢ  ᠢᠯᠡᠷᠡᠬᠦᠯᠳᠡᠭ᠃ ᠵᠠᠷᠢᠮ ᠡᠪᠡᠳᠴᠢᠲᠡᠨ ᠭᠡᠨᠡᠳᠲᠡ ᠪᠠᠷ ᠴᠢᠰᠦ ᠲᠠᠢ ᠬᠠᠨᠢᠶᠠᠯᠭᠠᠪᠠᠯ ᠰᠠᠶ᠋ᠢ ᠢᠯᠡᠷᠡᠬᠦᠯᠦᠨ᠎ᠡ᠃  ᠡᠪᠡᠳᠴᠢᠯᠡᠬᠦ ᠶᠠᠪᠤᠴᠠ ᠲᠤᠮᠲᠠ ᠬᠦᠩᠭᠡᠪᠳᠦᠷ ᠬᠤᠤᠷᠲᠤ ᠴᠢᠨᠠᠷ ᠤᠨ ᠡᠪᠡᠳᠴᠢᠨ ᠤ ᠢᠯᠡᠷᠡᠯ ᠢ ᠮᠦᠷᠳᠡᠵᠦ ᠤᠯᠳᠠᠭ᠃       ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号