| ᠲᠤᠷᠰᠢᠯᠭ᠎ᠠ ᠬᠤᠷᠠᠮᠳᠤᠭᠤᠯᠬᠤ᠄ ᠬᠥᠮᠥᠨ ᠤ ᠠᠮᠢᠳᠤᠷᠠᠯ ᠭᠡᠭᠴᠢ ᠠᠯᠳᠠᠭ᠎ᠠ ᠣᠨᠤᠭ᠎ᠠ ᠨᠤᠭᠤᠷᠠᠯ | ᠪᠦᠳᠦᠷᠡᠯ ᠢᠶᠠᠷ ᠳᠦᠬᠦᠷᠡᠩ ᠪᠠᠶᠢᠳᠠᠭ᠂ ᠲᠡᠶᠢᠮᠤ ᠪᠣᠯᠬᠤᠷ ᠴᠦᠬᠡᠨ ᠪᠦᠳᠦᠷᠢᠬᠦ ᠬᠠᠮᠤᠭ ᠤᠨ ᠰᠠᠶᠢᠨ ᠠᠷᠭ᠎ᠠ ᠪᠣᠯ | ᠳᠠᠷᠤᠢ ᠲᠠᠰᠤᠷᠠᠯᠲᠠ ᠦᠭᠡᠢ ᠲᠤᠷᠰᠢᠯᠭ᠎ᠠ ᠬᠤᠷᠠᠮᠳᠤᠭᠤᠯᠵᠤ᠂ ᠮᠡᠳᠡᠯᠭᠡ ᠪᠠᠨ ᠨᠡᠮᠡᠭᠳᠡᠭᠦᠯᠬᠦ ᠶᠠᠪᠤᠳᠠᠯ ᠪᠣᠯᠣᠨ᠎ᠠ᠃ | ᠳᠣᠰᠣᠯ ᠣᠰᠣ ᠬᠤᠷᠠᠮᠳᠣᠵᠦ ᠳᠠᠯᠠᠢ ᠪᠤᠯᠳᠠᠭ ᠤᠨ ᠠᠳᠠᠯᠢ᠂ ᠠᠮᠵᠢᠯᠳᠠ ᠳᠤ | ᠬᠦᠷᠦᠶ᠎ᠡ ᠭᠡᠪᠡᠯ ᠠᠩᠬᠠᠨ ᠤ ᠠᠯᠬᠤᠮ ᠠᠴᠠ ᠡᠬᠢᠯᠡᠨ ᠬᠤᠷᠠᠮᠳᠠᠭᠤᠯᠬᠤ ᠯᠡ ᠴᠢᠬᠤᠯᠠ᠃ ᠲᠠᠰᠤᠷᠠᠯᠲᠠ ᠦᠭᠡᠢ | ᠲᠤᠷᠰᠢᠵᠤ᠂ ᠦᠷᠢᠰᠦᠯᠳᠦᠬᠡᠨ ᠳᠤ ᠦᠪᠡᠷ ᠢ ᠪᠠᠨ ᠰᠣᠷᠢᠪᠠᠯ᠂ ᠠᠮᠢᠳᠣᠷᠠᠯ ᠴᠢᠨᠢ ᠶᠠᠪᠤᠭᠠᠨ ᠳᠠᠭᠠᠨ ᠰᠠᠶᠢᠵᠢᠷᠠᠬᠤ | ᠪᠤᠯᠤᠨ᠎ᠠ᠃ ᠳᠣᠷᠰᠢᠯᠭ᠎ᠠ ᠴᠢᠬᠤᠯᠠ ᠰᠢᠦ︕ ᠠᠭᠲᠠ ᠶᠢᠨ ᠪᠤᠢ ᠳᠤ ᠭᠠᠵᠠᠷ ᠳᠠᠨᠢᠵᠦ᠂ ᠠᠪᠤ ᠶᠢᠨ ᠪᠤᠢ ᠳᠤ ᠬᠦᠮᠦᠨ | ᠳᠠᠨᠢ ᠬᠡᠳᠡᠭ ᠶᠤᠮ ᠳ᠋ᠡ᠃ | ᠨᠣᠮ ᠤᠩᠰᠢᠬᠤ᠄ ᠨᠣᠮ ᠤᠩᠰᠢᠬᠤ ᠳᠠᠳᠬᠠᠯ ᠲᠠᠢ ᠪᠣᠯᠬᠤ ᠨᠢ ᠥᠪᠡᠷ ᠢ ᠪᠠᠨ | ᠪᠠᠶᠢᠩᠭᠤ ᠮᠡᠳᠡᠯᠭᠡᠵᠢᠭᠦᠯᠵᠦ ᠪᠠᠶᠢᠭ᠎ᠠ ᠶᠠᠪᠤᠳᠠᠯ ᠪᠣᠯᠣᠨ᠎ᠠ᠃ ᠢᠯᠠᠩᠭᠤᠶ᠎ᠠ ᠨᠡᠶᠢᠬᠡᠮ ᠳᠡᠭᠡᠷ᠎ᠡ ᠭᠠᠷᠴᠦ ᠠᠵᠢᠯᠯᠠᠭᠰᠠᠨ ᠤ | ᠳᠠᠷᠠᠭ᠎ᠠ᠂ ᠨᠣᠮ ᠤᠩᠰᠢᠬᠤ ᠨᠢ ᠰᠢᠯᠭᠠᠯᠲᠠ ᠶᠢ ᠠᠷᠭᠠᠴᠠᠭᠠᠬᠤ ᠪᠢᠰᠢ᠂ ᠬᠠᠷᠢᠨ ᠮᠡᠳᠡᠯᠬᠡ ᠪᠠᠨ ᠳᠡᠯᠡᠵᠦ᠂ ᠴᠢᠳᠠᠪᠤᠷᠢ | ᠪᠠᠨ ᠳᠡᠭᠡᠭᠰᠢᠯᠡᠬᠦᠯᠬᠦ ᠶᠢᠨ ᠲᠥᠯᠥᠭᠡ ᠪᠠᠶᠢᠳᠠᠭ᠃ ᠮᠢᠩᠭᠠᠨ ᠮᠠᠯ ᠲᠠᠢ ᠶᠠᠪᠤᠬᠤ ᠠᠴᠠ ᠮᠢᠩᠭᠠᠨ ᠨᠤᠮ ᠤᠩᠰᠢᠵᠤ ᠶᠠᠪᠤ | ᠬᠡᠳᠡᠭ᠃ | ᠵᠣᠷᠢᠭ ᠢᠶᠠᠨ ᠳᠠᠶᠢᠴᠢᠯᠠᠬᠤ᠄ ᠤᠷᠲᠤ ᠬᠤᠭᠤᠴᠠᠭ᠎ᠠ ᠪᠠᠷ ᠠᠩᠬᠠᠷᠤᠯ ᠢᠶᠠᠨ | ᠳᠦᠪᠯᠡᠷᠡᠬᠦᠯᠵᠦ ᠴᠢᠳᠠᠳᠠᠭ ᠦᠬᠡᠢ ᠨᠢ ᠤᠳᠤ ᠶᠢᠨ ᠬᠦᠮᠦᠰ ᠲᠤ ᠲᠤᠯᠭᠠᠷᠠᠵᠤ ᠪᠠᠶᠢᠭ᠎ᠠ ᠨᠡᠶᠢᠳᠡᠮ ᠤᠨ | ᠠᠰᠠᠭᠤᠳᠠᠯ ᠤᠨ ᠨᠢᠬᠡ ᠪᠣᠯᠵᠠᠢ᠃ ᠬᠢᠬᠦ ᠵᠤᠶᠢᠯ ᠮᠠᠰᠢ ᠣᠯᠠᠨ ᠪᠠᠶᠢᠭ᠎ᠠ ᠪᠣᠯᠪᠠᠴᠤ ᠬᠠᠶᠢᠩᠭᠤ ᠬᠠᠨᠳᠣᠬᠰᠠᠨ ᠠᠴᠠ | ᠪᠤᠯᠵᠦ ᠦᠷ᠎ᠡ ᠪᠦᠲᠦᠮᠵᠢ ᠣᠯᠳᠠᠭ ᠦᠭᠡᠢ᠃ ᠡᠶᠢᠮᠦ ᠪᠤᠯᠬᠤᠷ ᠬᠢᠶ᠎ᠡ ᠬᠡᠵᠦ ᠪᠤᠳᠣᠬᠰᠠᠨ ᠵᠣᠶᠢᠯ ᠳᠡᠭᠡᠷ᠎ᠡ ᠪᠠᠨ ᠪᠦᠬᠦ | ᠰᠡᠳᠬᠢᠯ ᠵᠢᠷᠦᠬᠡ ᠪᠠᠨ ᠳᠠᠶᠢᠴᠢᠯᠠᠬᠤ ᠬᠡᠷᠡᠭᠳᠡᠢ᠃ ᠵᠤᠷᠢᠭ ᠪᠠᠶᠢᠪᠠᠯ ᠵᠤᠷᠢᠬᠰᠠᠨ ᠳᠠᠭᠠᠨ ᠬᠦᠷᠦᠨ᠎ᠡ ᠬᠡᠳᠡᠭ ᠪᠢᠰᠢᠦ᠃ | ᠠᠮᠢᠳᠣᠷᠠᠯ ᠢ ᠮᠡᠳᠡᠷᠡᠬᠦ᠄ ᠬᠥᠮᠥᠨ ᠬᠡᠴᠢᠨᠡᠨ ᠠᠭᠤᠷᠯᠠᠵᠦ ᠪᠤᠬᠢᠨᠢᠳᠣᠬᠰᠠᠨ ᠴᠤ᠂ | ᠨᠢᠭᠡᠨᠲᠡ ᠡᠭᠦᠰᠦᠭᠰᠡᠨ ᠤᠴᠢᠷ ᠢ ᠬᠤᠪᠢᠷᠠᠭᠤᠯᠵᠤ ᠴᠢᠳᠠᠬᠤ ᠦᠭᠡᠢ ᠣᠴᠢᠷ ᠠᠴᠠ᠂ ᠰᠡᠳᠬᠢᠯ ᠢᠶᠠᠨ ᠵᠠᠰᠠᠵᠦ | ᠪᠤᠬᠢᠨᠢᠳᠣᠯ ᠠᠴᠠ ᠪᠠᠨ ᠭᠠᠷᠬᠤ ᠭᠡᠷᠡᠭᠳᠡᠢ᠃ ᠤᠷᠮ᠎ᠠ ᠮᠠᠭᠤᠲᠠᠢ ᠪᠠᠶᠢᠭ᠎ᠠ ᠦᠶ᠎ᠡ ᠳᠡᠭᠡᠨ ᠳᠣᠷᠠᠳᠠᠢ ᠶᠠᠭᠤᠮ᠎ᠠ | ᠪᠠᠨ ᠢᠳᠡᠵᠦ᠂ ᠬᠠᠶᠠ ᠨᠢᠬᠡ ᠺᠢᠨᠣ᠋ ᠦᠵᠡᠵᠦ᠂ ᠲᠠᠮᠢᠷ ᠤᠨ ᠬᠥᠳᠡᠯᠭᠡᠭᠡᠨ ᠳᠤ ᠣᠷᠣᠯᠴᠠᠨ᠂ ᠭᠡᠷ ᠳᠡᠷᠬᠡ ᠪᠠᠨ | ᠴᠡᠪᠡᠷᠯᠡᠬᠦ ᠬᠡᠬᠦ ᠮᠡᠲᠦ ᠪᠠᠷ ᠠᠩᠬᠠᠷᠣᠯ ᠢᠶᠠᠨ ᠦᠭᠡᠷ᠎ᠡ ᠵᠣᠶᠢᠯ ᠣᠷᠣᠭᠤ ᠰᠢᠯᠵᠢᠬᠦᠯᠵᠦ ᠪᠠᠶᠢᠭᠠᠳ | ᠰᠡᠳᠬᠢᠯ ᠤᠨ ᠪᠤᠬᠢᠨᠢᠳᠣᠯ ᠢᠶᠠᠨ ᠲᠠᠶᠢᠯᠵᠤ ᠪᠤᠯᠳᠠᠭ᠃ ᠢᠩᠬᠢᠪᠡᠯ ᠰᠠᠶ᠋ᠢ ᠠᠮᠢᠳᠤᠷᠠᠯ ᠤᠨ ᠰᠠᠶᠢᠨ ᠰᠠᠶᠢᠬᠠᠨ ᠢ | ᠮᠡᠳᠡᠷᠡᠵᠦ ᠴᠢᠳᠠᠨ᠎ᠠ᠃ ᠠᠮᠢᠳᠣᠷᠠᠯ ᠳᠤ ᠪᠠᠶᠠᠷ ᠪᠠᠶᠠᠰᠬᠤᠯᠠᠩ ᠢᠨᠢᠶᠡᠳᠦ ᠬᠦᠷ ᠠᠴᠠ ᠦᠭᠡᠷ᠎ᠡ ᠶᠡᠭᠤ ᠬᠡᠷᠡᠭᠳᠡᠢ ᠪᠢᠯᠡ | ᠳ᠋ᠠ︕ | ᠬᠦᠳᠡᠯᠬᠡᠬᠡᠨ ᠬᠢᠬᠦ᠄ ᠵᠠᠪᠠᠯ ᠪᠡᠶ᠎ᠡ ᠪᠣᠯᠪᠠᠰᠤᠷᠠᠭᠤᠯᠬᠤ ᠭᠠᠵᠠᠷ ᠲᠤ ᠣᠴᠢ ᠭᠡᠰᠡᠨ | ᠪᠢᠰᠢ᠂ ᠵᠠᠪ ᠯᠠ ᠭᠠᠷᠪᠠᠯ ᠬᠡᠵᠢᠶ᠎ᠡ ᠬᠠᠮᠢᠭ᠎ᠠ ᠴᠤ ᠶᠠᠭᠠᠬᠢᠬᠤᠪ᠂ ᠪᠡᠶ᠎ᠡ ᠮᠠᠬᠠᠪᠤᠤᠨ ᠢᠶᠠᠨ ᠪᠤᠯᠪᠠᠰᠤᠷᠠᠭᠤᠯᠵᠤ ᠪᠠᠢ᠃ | ᠲᠠᠺᠰᠢ ᠳᠤ ᠰᠠᠭᠤᠬᠤ ᠶᠢᠨ ᠣᠷᠣᠨ ᠳᠤ ᠬᠠᠶᠠ ᠪᠠᠰᠠ ᠳᠤᠭᠤᠢ ᠣᠨᠣᠵᠦ᠂ ᠭᠡᠷ ᠲᠡᠭᠡᠨ ᠣᠷᠣᠬᠤ ᠳᠠᠭᠠᠨ ᠴᠠᠬᠢᠯᠭᠠᠨ | ᠱᠠᠲᠤᠨ ᠳᠤ ᠪᠢᠰᠢ ᠬᠠᠶᠠ ᠱᠠᠳᠦ ᠠᠪᠠᠷᠢᠵᠤ᠂ ᠬᠥᠯᠥᠰᠦ ᠪᠠᠨ ᠭᠠᠷᠭᠠᠵᠦ ᠪᠠᠶᠢᠪᠠᠯ ᠰᠠᠶᠢᠨ᠃ ᠪᠠᠷᠢᠮᠳᠠᠯᠠᠭᠠᠳ | ᠪᠠᠶᠢᠪᠠᠯ ᠪᠡᠶᠡᠨ ᠳᠤ ᠴᠢᠨᠢ ᠬᠤᠪᠢᠷᠠᠯᠳᠠ ᠭᠠᠷᠬᠤ ᠶᠤᠮ᠃ ᠬᠦᠮᠦᠨ ᠬᠦᠭᠰᠢᠷᠡᠵᠦ ᠦᠬᠦᠬᠦ ᠦᠬᠡᠢ ᠬᠦᠰᠢᠵᠦ | ᠦᠬᠦᠨ᠎ᠡ ᠬᠡᠳᠡᠭ ᠪᠢᠰᠢᠦ᠃ | ᠳᠠᠳᠬᠠᠯ ᠢᠶᠠᠨ ᠪᠠᠷᠢᠮᠲᠠᠯᠠᠬᠤ᠄ ᠰᠠᠶᠢᠨ ᠰᠠᠶᠢᠬᠠᠨ ᠠᠮᠢᠳᠣᠷᠠᠯ ᠤᠨ ᠳᠠᠳᠬᠠᠯ ᠢᠶᠠᠨ | ᠪᠠᠷᠢᠮᠲᠠᠯᠠᠬᠤ ᠨᠢ ᠰᠠᠶ᠋ᠢ ᠬᠠᠮᠤᠭ ᠤᠨ ᠴᠢᠬᠤᠯᠠ ᠪᠠᠶᠢᠳᠠᠭ᠃ ᠶᠢᠷᠲᠢᠨᠴᠦ ᠳᠡᠭᠡᠷ᠎ᠡ ᠴᠢᠷᠮᠠᠶᠢᠯᠭ᠎ᠠ ᠬᠤᠭᠤᠰᠳᠠᠬᠤ ᠶᠤᠰᠣ | ᠦᠭᠡᠢ᠂ ᠡᠳᠡᠭᠡᠷ ᠰᠠᠶᠢᠨ ᠰᠠᠶᠢᠬᠠᠨ ᠳᠠᠳᠬᠠᠯ ᠨᠢ ᠲᠠᠨ ᠢ ᠰᠢᠭᠤᠳ ᠠᠮᠵᠢᠯᠲᠠ ᠳᠤ ᠬᠦᠷᠭᠡᠳᠡᠭ ᠦᠬᠡᠢ ᠴᠦ | ᠭᠡᠰᠡᠨ ᠮᠦᠷᠦᠬᠡᠳᠦᠯ ᠲᠡᠮᠡᠦᠯᠦᠯ ᠳᠡᠭᠡᠨ ᠬᠦᠷᠬᠦ ᠳᠤ ᠴᠢᠨᠢ ᠳᠣᠰᠠᠯᠠᠳᠠᠭ᠃ ᠴᠢᠷᠮᠠᠶᠢᠯᠭ᠎ᠠ ᠬᠦᠮᠦᠨ ᠢ | ᠭᠤᠮᠤᠳᠠᠭᠠᠳᠠᠭ ᠦᠬᠡᠢ ᠬᠡᠳᠡᠭ ᠪᠢᠵᠡ ᠳ᠋ᠡ︕ |