| ᠵᠤᠵᠠᠭᠠᠨ ᠬᠤᠷᠢᠶ᠎ᠠ ︵ᠪᠠᠰᠠ ᠮᠠᠰᠢ ᠵᠤᠵᠠᠭᠠᠨ ᠬᠤᠷᠢᠶ᠎ᠠ ᠭᠡᠵᠤ ᠨᠡᠷᠡᠯᠡᠳᠡᠭ︶ ᠭᠠᠴᠠᠭ᠎ᠠ ᠨᠢ | ᠨᠢᠩᠴᠧᠩ ᠰᠢᠶᠠᠨ ᠤ ᠰᠠᠨ ᠽᠦᠸᠧ ᠳ᠋ᠢᠶᠠᠨ ᠰᠢᠶᠠᠩ ᠳᠤ ᠬᠠᠷᠢᠶᠠᠯᠠᠭᠳᠠᠵᠣ᠂ ᠬᠦᠨᠳᠡᠯᠡᠨ ᠭᠤᠣᠯ ᠤᠨ | ᠲᠡᠭᠡᠳᠣ ᠣᠷᠣᠰᠬᠠᠯ ᠳᠤ ᠪᠠᠶᠢᠷᠢᠰᠢᠭᠰᠠᠨ ᠤᠰᠤ ᠪᠡᠯᠴᠢᠭᠡᠷ ᠰᠠᠶᠢᠳᠡᠢ ᠲᠠᠪᠤᠨ ᠲᠠᠷᠢᠶ᠎ᠠ ᠬᠠᠯᠢᠭᠤᠷᠠᠭᠰᠠᠨ | ᠥᠵᠡᠰᠭᠦᠯᠡᠩ ᠰᠠᠶᠢᠬᠠᠨ ᠨᠤᠳᠤᠭ ᠶᠤᠮ᠃ ᠪᠣᠭᠤᠷᠣᠯᠴᠣᠳ ᠤᠨ ᠬᠠᠭᠤᠴᠢᠯᠠᠬᠤ ᠪᠠᠷ ᠠᠳᠡᠬᠢ ᠮᠣᠩᠭᠤᠯᠴᠣᠳ | ᠬᠠᠨ ᠸᠠᠩ ᠶᠢ ᠲᠠᠭᠠᠵᠣ᠂《 ᠶᠣᠣ ᠶᠦᠩᠰᠢ 》 ᠠᠴᠠ ᠨᠡᠭᠦᠳᠡᠯᠡᠯᠨ ᠢᠷᠡᠵᠡᠢ ᠭᠡᠳᠡᠭ᠃ | ᠬᠤᠷᠢᠶ᠎ᠠ ᠭᠡᠳᠡᠭ ᠨᠢ ᠭᠥᠷᠢᠶ᠎ᠡ ᠬᠠᠰᠢᠶ᠎ᠠ᠂ ᠪᠠᠭᠤᠴᠠ ᠰᠠᠭᠤᠴᠠ ᠭᠡᠰᠡᠨ ᠣᠳᠬ᠎ᠠ ᠲᠠᠢ᠃ | ᠵᠣᠵᠠᠭᠠᠨ ᠬᠤᠷᠢᠶ᠎ᠠ ᠨᠢ ᠮᠠᠷᠠᠳᠣ ᠶᠢᠨ ᠬᠤᠷᠢᠶ᠎ᠠ ︵ᠲᠡᠭᠡᠷ᠎ᠡ ᠬᠤᠷᠢᠶ᠎ᠠ︶᠂ ᠭᠠᠰᠠᠷ ᠤᠨ ᠬᠤᠷᠢᠶ᠎ᠠ᠂ ᠲᠣᠣᠷ᠎ᠠ | ᠬᠤᠷᠢᠶ᠎ᠠ ᠵᠡᠷᠭᠡ ᠲᠠᠪᠣᠨ ᠬᠤᠷᠢᠶ᠎ᠠ ᠶᠢᠨ ᠨᠢᠭᠡ ᠨᠢ ᠪᠠᠶᠢᠵᠣ᠂ ᠠᠩᠬᠠᠨ ᠳᠠᠭᠠᠨ ᠠᠳᠡ ᠮᠠᠰᠢ ᠤᠯᠠᠨ ᠠᠳᠤᠭᠤ | ᠲᠡᠵᠢᠭᠡᠵᠣ ᠪᠠᠶᠢᠭᠰᠠᠨ ᠪᠦᠭᠡᠳ ᠰᠥᠷᠥᠭ ᠤᠨ ᠲᠥᠷᠥᠭᠦᠥ ᠨᠢ ᠡᠮᠥᠨ᠎ᠡ ᠠᠭᠤᠯᠠ ᠶᠢᠨ ᠪᠠᠯ ᠳᠤ ᠭᠥᠷᠴᠤ ᠪᠠᠶᠢᠬᠤ | ᠳᠤ ᠰᠡᠭᠦᠯ ᠤᠨ ᠮᠤᠷᠢ ᠨᠢ ᠮᠥᠨ ᠴᠤ ᠬᠤᠷᠢᠶᠠᠨ ᠳᠠᠭᠠᠨ ᠪᠠᠶᠢᠵᠤ᠂ ᠠᠳᠤᠭᠤᠨ ᠰᠥᠷᠥᠭ ᠨᠢ ᠲᠠᠪᠤ | ᠵᠢᠷᠭᠤᠭᠠᠨ ᠭᠠᠵᠠᠷ ᠥᠷᠭᠦᠯᠵᠢᠯᠡᠳᠡᠭ ᠭᠡᠨ᠎ᠡ᠃ ᠡᠶᠢᠨ ᠭᠦ ᠡᠨᠡ ᠨᠣᠳᠤᠭ ᠢ ︽ᠵᠤᠵᠠᠭᠠᠨ ᠬᠤᠷᠢᠶ᠎ᠠ︾ ᠭᠡᠵᠤ | ᠨᠡᠷᠡᠯᠡᠵᠡᠢ᠃ | ᠲᠤᠰ ᠭᠠᠴᠠᠭ᠎ᠠ ᠨᠢ ᠲᠥᠷᠪᠡᠨ ᠠᠶᠢᠯ ᠢᠶᠠᠷ ᠪᠥᠷᠢᠯᠳᠥᠵᠡᠢ᠃ ᠲᠠᠷᠤᠢ ᠰᠠᠪᠳᠤ ᠶᠢᠨ ᠠᠶᠢᠯ ︵ | ᠤᠳᠤ ᠶᠢᠨ 3᠂ 9 ᠳ᠋ᠤᠭᠠᠷ ᠲᠤᠭᠤᠶᠢᠯᠠᠩ ︶᠂ ᠤᠪᠤᠭᠠᠨ ᠠᠶᠢᠯ ︵ᠤᠳᠤ ᠶᠢᠨ 2᠂ 6 | ᠳ᠋ᠤᠭᠠᠷ ᠲᠤᠭᠤᠶᠢᠯᠠᠩ︶᠂ ᠢᠳᠤᠭᠠᠨ ᠲᠤᠯᠤᠭᠠᠨ ᠭᠡᠷ ︵ᠤᠳᠤ ᠶᠢᠨ 4᠂ 5 ᠳ᠋ᠤᠭᠠᠷ ᠲᠤᠭᠤᠶᠢᠯᠠᠩ᠂ | ᠲᠤᠬᠠᠢ ᠶᠢᠨ ᠥᠶ᠎ᠡ ᠳᠤ ᠲᠤᠯᠤᠭᠠᠨ ᠭᠡᠷ ᠭᠡᠳᠡᠭ ᠨᠡᠷ᠎ᠡ ᠲᠠᠢ ᠭᠠᠵᠠᠷ ᠤᠯᠠᠨ ᠪᠠᠶᠢᠭᠰᠠᠨ ᠲᠤᠯᠠ ᠪᠤᠰᠤᠳ | ᠲᠤᠯᠤᠭᠠᠨ ᠭᠡᠷ ᠠᠴᠠ ᠢᠯᠭᠠᠬᠤ ᠶᠢᠨ ᠲᠥᠯᠥᠭᠡ ᠠᠳᠡ ᠪᠠᠶᠢᠭᠰᠠᠨ ᠨᠡᠷᠡᠳᠡᠢ ᠢᠳᠤᠭᠠᠨ ᠲᠠᠢ ᠬᠤᠯᠪᠤᠭᠳᠠᠭᠤᠯᠤᠨ | ᠡᠨᠡ ᠠᠶᠢᠯ ᠢ ᠢᠳᠤᠭᠠᠨ ᠲᠤᠯᠤᠭᠠᠨ ᠭᠡᠷ ᠭᠡᠵᠤ ᠨᠡᠷᠡᠯᠡᠪᠡ︶᠂ ᠵᠤᠵᠠᠭᠠᠨ ᠬᠤᠷᠢᠶ᠎ᠠ ᠠᠶᠢᠯ ︵ᠤᠳᠤ ᠶᠢᠨ 1᠂ | 7᠂ 8 ᠳ᠋ᠤᠭᠠᠷ ᠲᠤᠭᠤᠶᠢᠯᠠᠩ︶ ᠪᠤᠯᠤᠨ᠎ᠠ᠃ ᠰᠡᠭᠦᠯ ᠳᠤ ᠨᠢ ᠠᠳᠡᠬᠢ ᠮᠣᠩᠭᠤᠯᠴᠣᠳ ᠬᠢᠳᠡᠳ ᠣᠪᠣᠭ | ᠠᠪᠴᠣ᠂ ᠣᠳᠣ ᠶᠢᠨ ᠾᠧ ︵何︶᠂ ᠶᠢᠨ ︵金︶᠂ ᠵᠣᠣ ︵赵︶ ᠭᠤᠷᠪᠠᠨ ᠶᠡᠭᠡ ᠣᠪᠣᠭ ᠢᠶᠠᠷ | ᠲᠠᠭᠤᠳᠠᠭᠳᠠᠬᠤ ᠪᠣᠯᠵᠠᠢ᠃ | ᠴᠢᠯᠥᠭᠡᠯᠡᠭᠦ ᠲᠠᠶᠢᠨ ᠤ ᠥᠶ᠎ᠡ ᠳᠤ᠂ ᠲᠤᠰ ᠠᠶᠢᠯ ᠨᠢ ᠬᠠᠷᠠᠴᠢᠨ ᠲᠤᠮᠳᠠᠳᠤ | ᠬᠤᠰᠢᠭᠤᠨ ᠤ ᠬᠤᠶᠠᠳᠤᠭᠠᠷ ᠲᠤᠭᠤᠷᠢᠭ ᠲᠤ ᠬᠠᠮᠢᠶᠠᠷᠤᠭᠳᠠᠵᠤ᠂ ᠵᠤᠵᠠᠭᠠᠨ ᠬᠤᠷᠢᠶ᠎ᠠ ᠭᠠᠴᠠᠭ᠎ᠠ ᠭᠡᠵᠤ | ᠨᠡᠷᠡᠯᠡᠵᠤ ᠪᠠᠶᠢᠪᠠ᠃ ᠤᠯᠤᠰ ᠪᠠᠶᠢᠭᠤᠯᠤᠭᠳᠠᠭᠰᠠᠨ ᠡᠭᠢ ᠪᠠᠷ᠂ ᠿᠧ ᠾᠧ ᠮᠤᠵᠢ ᠶᠢᠨ ᠨᠢᠩᠴᠧᠩ | ᠰᠢᠶᠠᠨ ᠤ ᠬᠤᠶᠠᠳᠤᠭᠠᠷ ᠲᠤᠭᠤᠷᠢᠭ ᠲᠤ ᠬᠠᠷᠢᠶᠠᠯᠠᠭᠳᠠᠨ᠂ ᠮᠥᠨᠴᠤ ᠵᠤᠵᠠᠭᠠᠨ ᠬᠤᠷᠢᠶ᠎ᠠ ᠭᠠᠴᠠᠭ᠎ᠠ ᠭᠡᠵᠤ | ᠨᠡᠷᠡᠯᠡᠵᠤ ᠪᠠᠶᠢᠵᠠᠢ᠃ ᠠᠷᠠᠳ ᠤᠨ ᠨᠢᠭᠡᠳᠥᠯ ᠤᠨ ᠥᠶ᠎ᠡ ᠳᠤ ᠮᠠ ᠱᠢ ᠶᠢᠩᠽᠢ ᠶᠡᠭᠡ ᠪᠠᠷᠢᠭᠠᠳᠠ ᠭᠡᠵᠤ᠂ | 1982 ᠤᠨ ᠳᠤ ᠨᠢᠭᠡᠳᠥᠯ ᠢ ᠰᠢᠶᠠᠩ ᠭᠡᠵᠤ ᠬᠠᠯᠠᠬᠤ ᠥᠶ᠎ᠡ ᠳᠤ᠂ ᠮᠠ ᠱᠢ ᠶᠢᠩᠽᠢ ᠭᠡᠵᠤ ᠥᠭᠡᠷᠡᠴᠢᠯᠡᠵᠡᠢ᠃ | ᠣᠳᠣ ᠶᠢᠨ ᠮᠠᠰᠢ ᠵᠣᠵᠠᠭᠠᠨ ᠬᠤᠷᠢᠶ᠎ᠠ ᠭᠡᠵᠣ ᠲᠠᠭᠤᠳᠠᠳᠠᠭ ᠨᠢ《马市》ᠭᠡᠰᠡᠨ ᠬᠢᠳᠠᠳ | ᠲᠠᠭᠤᠳᠠᠯᠭ᠎ᠠ ᠶᠢ《 ᠮᠠᠰᠢ》ᠭᠡᠵᠣ ᠪᠠᠭᠤᠯᠭᠠᠭᠰᠠᠨ ᠲᠠᠰᠢᠶ᠎ᠠ ᠲᠠᠭᠤᠳᠠᠯᠭ᠎ᠠ ᠪᠣᠯᠣᠨ᠎ᠠ᠃ |